ᠮᠠᠨ ᠤ ᠤᠯᠤᠰ ᠤᠨ ︽ᠬᠡᠷᠡᠭᠯᠡᠭᠴᠢᠳ ᠢ ᠮᠡᠬᠡᠯᠡᠨ ᠬᠢᠬᠠᠭᠰᠠᠨ ᠠᠵᠢᠯᠯᠠᠭ᠎ᠠ ᠶᠢ ᠰᠢᠳᠭᠡᠬᠦ ᠠᠷᠭ᠎ᠠ︾ ᠶᠢᠨ | 3 ᠳ᠋ᠤᠭᠠᠷ ᠵᠤᠶᠢᠯ ᠳᠠᠬᠢ ᠲᠣᠭᠲᠠᠭᠠᠯ ᠢ ᠦᠨᠳᠤᠰᠤᠯᠡᠪᠡᠯ᠂ ᠡᠵᠡᠩᠨᠡᠭᠴᠢᠳ ᠠᠴᠠ ᠬᠡᠷᠡᠭᠯᠡᠭᠴᠢᠳ ᠲᠤ ᠬᠠᠩᠭᠠᠭᠰᠠᠨ | ᠲᠠᠸᠠᠷ ᠲᠤ ᠳᠣᠣᠷᠠᠬᠢ ᠪᠠᠶᠢᠳᠠᠯ ᠤᠨ ᠨᠢᠭᠡ ᠨᠢ ᠪᠠᠶᠢᠪᠠᠯ᠂ ᠬᠡᠷᠡᠭᠯᠡᠭᠴᠢᠳ ᠢ ᠮᠡᠬᠡᠯᠡᠨ ᠬᠢᠬᠠᠭᠰᠠᠨ ᠳᠤ ᠪᠠᠭᠲᠠᠨ᠎ᠠ ᠃ | ︵1︶ ᠡᠯᠳᠡᠪ ᠵᠤᠶᠢᠯ ᠢ ᠬᠤᠯᠢᠵᠤ᠂ ᠬᠠᠭᠤᠷᠮᠠᠭ ᠶᠠᠭᠤᠮ᠎ᠠ ᠪᠠᠷ ᠦᠨᠡᠨ ᠪᠣᠳᠠᠰ ᠢ ᠣᠷᠤᠯᠠᠭᠤᠯᠵᠤ᠂ | ᠮᠠᠭᠤ ᠪᠠᠷ ᠰᠠᠶᠢᠨ ᠢ ᠣᠷᠤᠯᠠᠭᠤᠯᠤᠭᠰᠠᠨ ᠲᠠᠸᠠᠷ ᠢ ᠪᠣᠷᠤᠯᠠᠭᠤᠯᠤᠭᠰᠠᠨ︔ | ︵2︶ ᠬᠤᠳᠠᠯ ᠬᠠᠭᠤᠷᠮᠠᠭ ᠪᠣᠶᠤ ᠪᠣᠰᠤᠳ ᠲᠦᠪ ᠪᠣᠰᠤ ᠠᠷᠭ᠎ᠠ ᠪᠠᠷ ᠬᠤᠳᠠᠯᠳᠤᠭᠰᠠᠨ ᠲᠠᠸᠠᠷ ᠤᠨ ᠲᠤᠭ᠎ᠠ | ᠬᠡᠮᠵᠢᠶ᠎ᠡ ᠨᠢ ᠲᠤᠲᠠᠭᠳᠠᠭᠰᠠᠨ︔ | ︵3︶ ︽ᠬᠢᠮᠳᠠᠷᠠᠭᠤᠯᠤᠨ ᠬᠤᠳᠠᠯᠳᠤᠬᠤ ᠵᠤᠶᠢᠯ︾᠂ ︽ᠵᠡᠷᠡᠮᠳᠡᠭ ᠤᠶᠢᠯᠡᠳᠬᠦᠨ︾᠂ ︽ᠳᠡᠰ ᠲᠤ | ᠬᠦᠷᠤᠭ᠍ᠰᠡᠨ ᠦᠭᠡᠢ ᠪᠠᠷᠠᠭ᠎ᠠ︾ ᠵᠡᠷᠬᠡ ᠲᠠᠸᠠᠷ ᠢ ᠪᠣᠷᠤᠯᠠᠭᠤᠯᠤᠭᠰᠠᠨ ᠪᠠᠶᠢᠳᠠᠯ᠎ᠠ ᠪᠠᠨ ᠵᠢᠩᠬᠢᠨᠢ ᠤᠶᠢᠯᠡᠳᠬᠦᠨ ᠭᠡᠵᠦ | ᠬᠤᠳᠠᠯ ᠬᠡᠯᠡᠭᠰᠡᠨ︔ | ︵4︶ ᠬᠤᠳᠠᠯ ᠬᠠᠭᠤᠷᠮᠠᠭ ︽ᠬᠦᠮᠦᠷᠭᠡ ᠴᠡᠪᠡᠷᠯᠡᠬᠦ ᠦᠨ᠎ᠡ︾᠂ ︽ᠬᠢᠮᠳᠠᠷᠠᠭᠤᠯᠤᠨ ᠬᠤᠳᠠᠯᠳᠤᠭᠰᠠᠨ | ᠦᠨ᠎ᠡ︾᠂ ︽ᠬᠠᠮᠤᠭ ᠤᠨ ᠳᠣᠣᠷ᠎ᠠ ᠦᠨ᠎ᠡ︾᠂ ︽ᠬᠠᠷᠠᠭᠠᠯᠵᠠᠯᠲᠤ ᠦᠨ᠎ᠡ︾ ᠪᠣᠶᠤ ᠪᠣᠰᠤᠳ ᠮᠡᠬᠡᠯᠡᠯ ᠤᠨ | ᠴᠢᠨᠠᠷᠲᠠᠢ ᠦᠨ᠎ᠡ ᠪᠠᠷ ᠲᠠᠸᠠᠷ ᠪᠣᠷᠤᠯᠠᠭᠤᠯᠬᠤ ᠪᠠᠨ ᠢᠯᠡᠳᠭᠡᠭᠰᠡᠨ︔ | ︵5︶ ᠬᠤᠳᠠᠯ ᠬᠠᠭᠤᠷᠮᠠᠭ ᠲᠠᠸᠠᠷ ᠤᠨ ᠲᠣᠳᠤᠷᠬᠠᠶᠢᠯᠠᠯᠲᠠ᠂ ᠲᠠᠸᠠᠷ ᠤᠨ ᠪᠠᠷᠢᠮᠵᠢᠶ᠎ᠠ᠂ ᠪᠣᠳᠠᠰ ᠤᠨ ᠦᠯᠢᠭᠡᠷ | ᠶᠠᠩᠵᠤ ᠵᠡᠷᠬᠡ ᠬᠡᠯᠪᠡᠷᠢ ᠪᠠᠷ ᠲᠠᠸᠠᠷ ᠪᠣᠷᠤᠯᠠᠭᠤᠯᠤᠭᠰᠠᠨ︔ | ︵6︶ ᠦᠪᠡᠷ ᠤᠨ ᠦᠨᠡᠨ ᠨᠡᠷᠡᠶᠢᠳᠤᠯ ᠪᠠ ᠲᠡᠮᠲᠡᠭ ᠢᠶᠠᠨ ᠦᠯᠤ ᠬᠡᠷᠡᠭᠯᠡᠨ ᠲᠠᠸᠠᠷ ᠪᠣᠷᠤᠯᠠᠭᠤᠯᠤᠭᠰᠠᠨ︔ | ︵7︶ ᠪᠣᠰᠤᠳ ᠢ ᠬᠦᠯᠦᠰᠦᠯᠡᠨ ᠬᠡᠷᠡᠭᠯᠡᠬᠦ ᠵᠡᠷᠭᠡ ᠬᠡᠯᠪᠡᠷᠢ ᠪᠠᠷ ᠮᠡᠬᠡᠯᠡᠯ ᠤᠨ ᠴᠢᠨᠠᠷᠲᠠᠢ ᠪᠣᠷᠤᠯᠠᠭᠤᠯᠬᠤ | ᠦᠳᠤᠭᠡᠯᠭᠡ ᠬᠢᠭᠰᠡᠨ︔ | ︵8︶ ᠬᠤᠳᠠᠯ ᠬᠠᠭᠤᠷᠮᠠᠭ ᠲᠣᠬᠠᠢ ᠶᠢᠨ ᠲᠠᠯᠠᠪᠤᠷ ᠵᠣᠬᠢᠶᠠᠵᠤ ᠦᠵᠡᠭᠦᠯᠬᠦ ᠪᠠ ᠲᠣᠳᠤᠷᠬᠠᠶᠢᠯᠠᠭᠰᠠᠨ︔ | ︵9︶ ᠷᠠᠳᠢᠣ᠋᠂ ᠲᠧᠯᠸᠢᠰ᠂ ᠺᠢᠨᠣ᠋᠂ ᠰᠣᠨᠢᠨ ᠰᠡᠳᠭᠦᠯ ᠵᠡᠷᠬᠡ ᠣᠯᠠᠨ ᠨᠡᠶᠢᠲᠡ ᠶᠢᠨ ᠵᠠᠭᠤᠴᠢ ᠶᠢ | ᠠᠰᠢᠭᠯᠠᠨ ᠲᠠᠸᠠᠷ ᠲᠠᠭᠠᠨ ᠬᠤᠳᠠᠯ ᠬᠠᠭᠤᠷᠮᠠᠭ ᠤᠬᠠᠭᠤᠯᠭ᠎ᠠ ᠬᠢᠭᠰᠡᠨ︔ | ︵10︶ ᠬᠡᠷᠡᠭᠯᠡᠭᠴᠢᠳ ᠤᠨ ᠤᠷᠢᠳᠴᠢᠯᠠᠨ ᠦᠭᠭᠦᠭᠰᠡᠨ ᠵᠣᠭᠤᠰ ᠢ ᠮᠡᠬᠡᠯᠡᠨ ᠠᠪᠤᠭᠰᠠᠨ︔ | ︵11︶ ᠰᠢᠥᠳᠠᠨ ᠢᠶᠠᠷ ᠬᠤᠳᠠᠯᠳᠤᠨ ᠠᠪᠬᠤ ᠪᠣᠷᠤᠯᠠᠭᠤᠯᠭ᠎ᠠ ᠪᠠᠷ ᠵᠣᠭᠤᠰ ᠮᠡᠬᠡᠯᠡᠨ ᠠᠪᠤᠭᠠᠳ ᠲᠠᠸᠠᠷ | ᠬᠠᠩᠭᠠᠬᠤ ᠦᠭᠡᠢ ᠪᠣᠶᠤ ᠬᠡᠯᠡᠯᠴᠡᠨ ᠲᠣᠭᠲᠠᠭᠰᠠᠨ ᠨᠦᠬᠦᠴᠡᠯ ᠶᠣᠰᠤᠭᠠᠷ ᠬᠠᠩᠭᠠᠬᠤ ᠦᠭᠡᠢ︔ | ︵12︶ ᠬᠤᠳᠠᠯ ᠬᠠᠭᠤᠷᠮᠠᠭ ︽ᠱᠠᠩᠨᠠᠯ ᠲᠠᠢ ᠪᠣᠷᠤᠯᠠᠭᠤᠯᠭ᠎ᠠ︾᠂ ︽ᠪᠡᠨ᠎ᠡ ᠶᠢ ᠨᠢ ᠪᠣᠴᠠᠭᠠᠬᠤ | ᠪᠣᠷᠤᠯᠠᠭᠤᠯᠭ᠎ᠠ︾ ᠵᠡᠷᠬᠡ ᠬᠡᠯᠪᠡᠷᠢ ᠪᠠᠷ ᠲᠠᠸᠠᠷ ᠪᠣᠷᠤᠯᠠᠭᠤᠯᠤᠭᠰᠠᠨ︔ | ︵13︶ ᠪᠣᠰᠤᠳ ᠬᠤᠳᠠᠯ ᠬᠠᠭᠤᠷᠮᠠᠭ ᠪᠣᠶᠤ ᠲᠦᠪ ᠪᠣᠰᠤ ᠠᠷᠭ᠎ᠠ ᠪᠠᠷᠢᠯ ᠢᠶᠠᠷ ᠬᠡᠷᠡᠭᠯᠡᠭᠴᠢᠳ ᠢ ᠮᠡᠬᠡᠯᠡᠨ | ᠬᠢᠬᠠᠭᠰᠠᠨ ᠠᠵᠢᠯᠯᠠᠭ᠎ᠠ᠃ |