ᠠᠷᠠᠳ ᠢᠷᠭᠡᠨ ᠤ ᠦᠷ᠎ᠡ ᠬᠡᠥᠭᠡᠳ ᠦᠷᠡᠴᠢᠯᠡᠨ ᠲᠡᠵᠢᠭᠡᠬᠦ ᠳᠠᠩᠰᠠᠯᠠᠯᠲᠠ ᠶᠢᠨ ᠠᠷᠭ᠎ᠠ ᠳᠤ ᠵᠠᠰᠠᠪᠤᠷᠢ ᠣᠷᠤᠭᠤᠯᠬᠤ ᠪᠠᠷ ᠪᠣᠢ
ᠨᠡᠶᠢᠲᠡᠯᠡᠭᠰᠡᠨ ᠴᠠᠭ᠄
2016/8/5
      ᠲᠦᠷᠤ ᠶᠢᠨ ᠶᠠᠪᠤᠳᠠᠯ ᠤᠨ ᠬᠤᠷᠢᠶᠠᠨ ᠤ ᠬᠠᠥᠯᠢ ᠳᠦᠷᠢᠮ ᠤᠨ ᠠᠯᠪᠠᠨ ᠭᠡᠷ ᠠᠴᠠ ᠣᠷᠴᠢᠮᠬᠠᠨ ︽ᠳᠤᠮᠳᠠᠲᠤ ᠤᠯᠤᠰ ᠤᠨ ᠠᠷᠠᠳ ᠢᠷᠭᠡᠨ ᠤ ᠦᠷ᠎ᠡ ᠬᠡᠥᠭᠡᠳ ᠦᠷᠡᠴᠢᠯᠡᠨ ᠲᠡᠵᠢᠭᠡᠬᠦ ᠳᠠᠩᠰᠠᠯᠠᠯᠲᠠ ᠶᠢᠨ ᠠᠷᠭ᠎ᠠ ︵ᠵᠠᠰᠠᠪᠤᠷᠢ ᠣᠷᠤᠭᠤᠯᠤᠭᠰᠠᠨ ᠲᠦᠰᠤᠯ︶ ︵ ᠰᠠᠨᠠᠯ ᠬᠤᠷᠢᠶᠠᠬᠤ ᠨᠤᠤᠷᠠᠭ︶︾ ᠢ ᠨᠡᠶᠢᠲᠡᠯᠡᠵᠦ᠂ ᠠᠪᠤᠷᠠᠭᠳᠠᠭᠰᠠᠨ ᠬᠡᠥᠭᠡᠳ ᠤᠨ ᠲᠦᠷᠤᠭ᠍ᠰᠡᠨ ᠡᠴᠢᠭᠡ ᠡᠬᠡ ᠪᠣᠶᠤ ᠪᠣᠰᠤᠳ ᠬᠢᠨᠠᠨ ᠬᠠᠮᠠᠭᠠᠯᠠᠭᠴᠢ ᠶᠢ 12 ᠰᠠᠷ᠎ᠠ ᠶᠢᠨ ᠳᠣᠲᠤᠷ᠎ᠠ ᠡᠷᠢᠵᠤ ᠣᠯᠤᠭᠰᠠᠨ ᠦᠭᠡᠢ ᠪᠠᠶᠢᠪᠠᠯ᠂ ᠳᠣᠲᠤᠷ᠎ᠠ ᠭᠠᠵᠠᠷ ᠤᠨ ᠰᠠᠭᠤᠭᠠᠯᠢ ᠠᠷᠠᠳ ᠠᠴᠠ ᠦᠷᠡᠴᠢᠯᠡᠨ ᠲᠡᠵᠢᠭᠡᠵᠦ ᠪᠣᠯᠤᠨ᠎ᠠ ᠭᠡᠵᠡᠢ᠃       ᠬᠦᠮᠦᠨ ᠰᠠᠷᠢᠭᠠᠯᠠᠭᠴᠢᠳ ᠠᠴᠠ ᠠᠪᠤᠷᠠᠭᠰᠠᠨ ᠬᠡᠥᠭᠡᠳ ᠢ ᠴᠠᠭ ᠲᠣᠬᠠᠢ ᠳᠤᠨᠢ ᠦᠷᠡᠴᠢᠯᠡᠨ ᠲᠡᠵᠢᠭᠡᠯᠭᠡᠬᠦ ᠪᠠᠷ ᠳᠠᠮᠵᠢᠨ ᠭᠡᠷ ᠪᠦᠯᠢ ᠶᠢᠨ ᠠᠮᠢᠳᠤᠷᠠᠯ ᠳᠤ ᠳᠠᠬᠢᠵᠤ ᠬᠠᠷᠢᠭᠤᠯᠬᠤ ᠶᠢᠨ ᠲᠦᠯᠦᠭᠡ᠂ ᠰᠠᠨᠠᠯ ᠬᠤᠷᠢᠶᠠᠬᠤ ᠨᠤᠤᠷᠠᠭ ᠲᠤ ᠳᠣᠲᠤᠭᠠᠳᠤ ᠶᠢ ᠬᠠᠮᠠᠭᠠᠯᠠᠬᠤ ᠪᠠᠶᠢᠭᠤᠯᠤᠯᠭ᠎ᠠ ᠠᠪᠤᠷᠠᠭᠰᠠᠨ ᠮᠡᠬᠡᠯᠡᠨ ᠬᠤᠳᠠᠯᠳᠤᠭᠳᠠᠭᠰᠠᠨ ᠬᠡᠥᠭᠡᠳ ᠢ ᠨᠡᠶᠢᠭᠡᠮ ᠤᠨ ᠠᠰᠠᠷᠠᠮᠵᠢ ᠶᠢᠨ ᠪᠠᠶᠢᠭᠤᠯᠤᠮᠵᠢ ᠳᠤ ᠬᠦᠷᠭᠡᠵᠤ ᠠᠰᠠᠷᠠᠭᠤᠯᠤᠭᠰᠠᠨ ᠤ ᠳᠠᠷᠠᠭ᠎ᠠ᠂ ᠲᠦᠷᠤᠭ᠍ᠰᠡᠨ ᠡᠴᠢᠭᠡ ᠡᠬᠡ ᠪᠣᠶᠤ ᠪᠣᠰᠤᠳ ᠬᠢᠨᠠᠨ ᠬᠠᠮᠠᠭᠠᠯᠠᠭᠴᠢ ᠶᠢ ᠨᠢ ᠡᠷᠢᠬᠦ ᠠᠵᠢᠯ ᠢ ᠲᠡᠷᠡ ᠲᠠᠷᠤᠢ ᠳᠤᠨᠢ ᠦᠷᠨᠢᠭᠦᠯᠬᠦ ᠬᠡᠷᠡᠭᠲᠡᠢ  ᠂ 12 ᠰᠠᠷ᠎ᠠ ᠶᠢᠨ ᠳᠣᠲᠤᠷ᠎ᠠ ᠣᠯᠤᠭᠰᠠᠨ ᠦᠭᠡᠢ  ᠪᠠᠶᠢᠪᠠᠯ᠂ ᠳᠤᠲᠤᠭᠠᠳᠤ ᠶᠢ ᠬᠠᠮᠠᠭᠠᠯᠠᠬᠤ ᠪᠠᠶᠢᠭᠤᠯᠤᠯᠭ᠎ᠠ ᠠᠴᠠ ᠭᠡᠷᠡᠴᠢ ᠭᠠᠷᠭᠠᠵᠤ ᠦᠭᠭᠦᠭᠰᠡᠨ ᠡᠳᠦᠷ ᠠᠴᠠ ᠡᠬᠢᠯᠡᠨ᠂ ᠠᠪᠤᠷᠠᠭᠳᠠᠭᠰᠠᠨ ᠬᠡᠥᠭᠡᠳ ᠢ ᠳᠣᠲᠤᠷ᠎ᠠ ᠭᠠᠵᠠᠷ ᠤᠨ ᠰᠠᠭᠤᠭᠠᠯᠢ ᠠᠷᠠᠳ ᠠᠴᠠ ᠦᠷᠡᠴᠢᠯᠡᠨ ᠲᠡᠵᠢᠭᠡᠵᠦ ᠪᠣᠯᠤᠨ᠎ᠠ ᠭᠡᠵᠦ ᠲᠣᠳᠤᠷᠬᠠᠢ ᠲᠣᠭᠲᠠᠭᠠᠪᠠ                                  ᠤᠯᠠᠭᠠᠨᠬᠠᠳᠠ ᠬᠤᠲᠠ ᠶᠢᠨ ᠡᠳᠦᠷ ᠤᠨ ᠰᠣᠨᠢᠨ ᠠᠴᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号