ᠳᠡᠯᠡᠬᠡᠢ ᠶᠢᠨ ᠬᠠᠮᠤᠭ ᠲᠣᠮᠣ ᠨᠢᠰᠬᠦ ᠣᠩᠭᠤᠴᠠ ᠠᠮᠵᠢᠯᠲᠠ ᠲᠠᠢ ᠨᠢᠰᠪᠡ
ᠨᠡᠶᠢᠲᠡᠯᠡᠭᠰᠡᠨ ᠴᠠᠭ᠄
2016/9/13
      ᠳᠡᠯᠡᠬᠡᠢ ᠶᠢᠨ ᠬᠠᠮᠤᠭ ᠲᠣᠮᠣ ᠨᠢᠰᠬᠦ ᠣᠩᠭᠤᠴᠠ ︽ᠣᠭᠲᠠᠷᠭᠤᠢ ᠳᠤ ᠠᠶᠢᠯᠴᠢᠯᠠᠭᠴᠢ︾ 8 ᠰᠠᠷ᠎ᠠ ᠶᠢᠨ 17᠎ ᠤ ᠡᠳᠦᠷ ᠠᠩᠭ᠍ᠯᠢ ᠤᠯᠤᠰ ᠲᠤ ᠠᠩᠬᠠᠨ ᠤ ᠨᠢᠰᠤᠯᠲᠡ ᠪᠠᠨ ᠠᠮᠵᠢᠯᠲᠠ ᠲᠠᠢ ᠪᠡᠶᠡᠯᠡᠭᠦᠯᠪᠡ᠂ ᠡᠨᠡ ᠨᠢ ᠬᠦᠮᠦᠨ ᠲᠦᠷᠤᠯᠬᠢᠲᠡᠨ ᠣᠭᠲᠠᠷᠭᠤᠢ ᠪᠠᠷ ᠵᠦᠭᠡᠭᠡᠪᠤᠷᠢᠯᠡᠯᠲᠡ ᠬᠢᠬᠦ ᠰᠢᠨ᠎ᠡ ᠬᠠᠭᠤᠳᠠᠰᠤ ᠶᠢ ᠨᠡᠭᠡᠭᠡᠵᠡᠢ᠃ ᠲᠡᠷᠡ ᠨᠢ ᠤᠷᠲᠤ ᠪᠠᠷ ᠢᠶᠠᠨ 92 ᠮᠧᠲᠷ ᠪᠠᠶᠢᠵᠦ᠂ ᠨᠢᠰᠬᠦ ᠣᠩᠭᠤᠴᠠ᠂ ᠡᠭᠴᠡ ᠨᠢᠰᠭᠡᠯ ᠪᠠ ᠨᠢᠰᠭᠡᠯ ᠤᠨ ᠮᠡᠷᠭᠡᠵᠢᠯ ᠢ ᠤᠶᠠᠯᠳᠤᠭᠤᠯᠵᠤ᠂ ᠳᠡᠯᠡᠭᠡᠢ ᠳᠡᠭᠡᠷᠡᠬᠢ ᠬᠠᠮᠤᠭ ᠲᠣᠮᠣ ᠨᠢᠰᠬᠦ ᠮᠠᠰᠢᠨ ᠪᠣᠯᠤᠭᠰᠠᠨ ᠪᠠᠶᠢᠨ᠎ᠠ᠃ ᠭᠠᠳᠠᠷ ᠪᠠᠶᠢᠳᠠᠯ ᠨᠢ ᠪᠦᠮᠪᠤᠭᠡᠷ ᠲᠣᠮᠣ ᠪᠦᠭᠡᠳ ᠴᠠᠭᠠᠨ ᠦᠩᠭᠡᠲᠡᠢ ᠪᠠᠶᠢᠳᠠᠭ ᠲᠤᠯᠠ ᠬᠦᠮᠤᠰ ᠲᠡᠭᠦᠨ ᠢ ︽ᠨᠢᠰᠳᠡᠭ ᠬᠤᠨᠳᠤᠯᠠᠢ︾ ᠭᠡᠵᠦ ᠨᠡᠷᠡᠯᠡᠪᠡ᠃ ᠬᠡᠳᠤᠨ ᠵᠠᠭᠤᠨ ᠬᠦᠮᠤᠰ ᠡᠨᠡᠬᠦ ᠾᠧᠯᠢ ᠬᠡᠢ ᠢᠶᠠᠷ ᠳᠦᠭᠦᠷᠭᠡᠭᠰᠡᠨ ︽ᠣᠭᠲᠠᠷᠭᠤᠢ ᠳᠤ ᠠᠶᠢᠯᠴᠢᠯᠠᠭᠴᠢ︾᠎ ᠳᠤ ᠰᠠᠭᠤᠵᠤ᠂ ᠯᠣᠨᠳᠣᠨ ᠬᠤᠲᠠ ᠠᠴᠠ 73 ᠺᠢᠯᠤᠮᠧᠲᠷ ᠵᠠᠶᠢᠲᠠᠢ ᠨᠢᠭᠡᠨ ᠨᠢᠰᠭᠡᠯ ᠤᠨ ᠪᠠᠭᠤᠳᠠᠯ ᠠᠴᠠ ᠣᠭᠲᠠᠷᠭᠤᠢ ᠳᠤ ᠭᠠᠷᠴᠤ᠂ ᠬᠠᠭᠠᠰ ᠴᠠᠭ ᠬᠢᠷᠢᠲᠡᠢ ᠨᠢᠰᠤᠭᠡᠳ ᠠᠯᠭᠤᠷᠬᠠᠨ ᠢᠶᠠᠷ ᠪᠠᠭᠤᠵᠤ ᠢᠷᠡᠯ᠎ᠡ ᠃ ᠡᠩ ᠤᠨ ᠨᠢᠰᠭᠡᠯ ᠠᠴᠠ ᠨᠡᠩ ᠪᠠᠭ᠎ᠠ ᠡᠨᠧᠷᠬᠢ ᠵᠠᠷᠤᠴᠠᠭᠤᠯᠵᠤ ᠨᠡᠩ ᠶᠡᠭᠡ ᠬᠡᠮᠵᠢᠶᠡᠨ ᠤ ᠪᠠᠷᠠᠭ᠎ᠠ ᠲᠠᠸᠠᠷ ᠵᠦᠭᠡᠭᠡᠪᠤᠷᠢᠯᠡᠬᠦ ᠶᠢᠨ ᠲᠦᠯᠦᠭᠡ ᠲᠤᠰ ︽ᠣᠭᠲᠠᠷᠭᠤᠢ ᠳᠤ ᠠᠶᠢᠯᠴᠢᠯᠠᠭᠴᠢ︾᠎ ᠶᠢ ᠵᠢᠷᠤᠵᠤ ᠲᠦᠯᠦᠪᠯᠡᠭᠰᠡᠨ ᠶᠤᠮ᠃ ᠡᠨᠡᠬᠦ ᠨᠢᠰᠭᠡᠯ ᠨᠢ ᠬᠠᠮᠤᠭ ᠦᠨᠳᠤᠷ ᠲᠡᠭᠡᠨ 4900 ᠮᠧᠲᠷ ᠨᠢᠰᠴᠦ᠂ ᠬᠠᠮᠤᠭ ᠲᠦᠷᠭᠡᠨ ᠳᠡᠭᠡᠨ ᠴᠠᠭ ᠪᠦᠷᠢ148 ᠺᠢᠯᠤᠮᠧᠲᠷ ᠢᠶᠠᠷ ᠦᠷᠬᠦᠯᠵᠢᠯᠡᠨ2 ᠴᠠᠭ ᠨᠢᠰᠴᠤ ᠳᠡᠶᠢᠯᠤᠨ᠎ᠡ᠃       ᠨᠢᠰᠬᠦ ᠣᠩᠭᠤᠴᠠ ᠪᠣᠯ ᠨᠢᠭᠡ ᠵᠤᠶᠢᠯ ᠤᠨ ᠠᠭᠠᠷ ᠠᠴᠠ ᠬᠦᠩᠬᠡᠨ ᠪᠠᠶᠢᠳᠠᠭ ᠠᠶᠠᠯᠠᠯ ᠤᠨ ᠮᠠᠰᠢᠨ ᠶᠤᠮ᠂ ᠬᠡᠳᠤᠶᠢᠪᠡᠷ ᠪᠣᠢ ᠪᠣᠯᠤᠭᠠᠳ ᠨᠡᠯᠢᠶᠡᠳ ᠤᠳᠠᠵᠤ ᠪᠠᠶᠢᠭ᠎ᠠ ᠪᠣᠯᠪᠠᠴᠤ ᠶᠡᠷᠤ ᠠᠴᠠ ᠵᠠᠬ᠎ᠠ ᠳᠤ ᠭᠠᠷᠭᠠᠵᠤ ᠦᠩᠭᠡᠷᠡᠭᠰᠡᠨ ᠦᠭᠡᠢ᠃ ᠠᠩᠭ᠍ᠯᠢ ᠤᠯᠤᠰ ᠤᠨ ᠨᠢᠰᠬᠦ ᠣᠩᠭᠤᠴᠠ 1930 ᠣᠨ ᠳᠤ ᠠᠳᠡᠯ ᠭᠠᠷᠴᠤ᠂ ᠠᠭᠠᠷ ᠤᠨ ᠴᠡᠷᠢᠭ ᠤᠨ ᠰᠠᠶᠢᠳ ᠪᠠᠭᠲᠠᠯᠴᠠᠭᠰᠠᠨ 50 ᠬᠦᠮᠦᠨ ᠠᠳᠡᠵᠡᠢ᠃ ᠭᠧᠷᠮᠠᠨ ᠤ ᠨᠢᠭᠡ ᠨᠢᠰᠬᠦ ᠣᠩᠭᠤᠴᠠ 1937 ᠣᠨ ᠳᠤ ᠠᠮᠧᠷᠢᠺᠠ ᠳᠤ ᠨᠢᠰᠬᠦ ᠶᠠᠪᠤᠴᠠ ᠳᠠᠭᠠᠨ ᠬᠤᠷᠤᠮᠬᠠᠨ ᠵᠠᠭᠤᠷ᠎ᠠ ᠰᠢᠳᠡᠵᠦ ᠰᠤᠶᠢᠲᠤᠭᠡᠳ 35 ᠬᠦᠮᠦᠨ ᠠᠳᠡᠭᠳᠡᠭᠰᠡᠨ ᠪᠠᠶᠢᠨ᠎ᠠ᠃ ᠰᠢᠨ᠎ᠡ ᠪᠠᠷ ᠤᠶᠢᠯᠡᠳᠤᠭ᠍ᠰᠡᠨ ᠨᠢᠰᠬᠦ ᠣᠩᠭᠤᠴᠠ ᠨᠢ 10 ᠲᠤᠨ ᠪᠠᠷᠠᠭ᠎ᠠ ᠪᠣᠶᠤ ᠠᠶᠠᠨᠴᠢᠨ ᠲᠡᠭᠡᠭᠡᠪᠤᠷᠢᠯᠡᠵᠦ ᠳᠡᠶᠢᠯᠤᠨ᠎ᠡ᠃ ᠬᠡᠷᠡᠭᠯᠡᠵᠦ ᠪᠠᠶᠢᠭ᠎ᠠ ᠨᠢ ᠾᠧᠯᠢ ᠬᠡᠢ ᠪᠠᠶᠢᠵᠦ᠂ ᠤᠰᠤᠳᠦ᠋ᠷᠦᠭᠴᠢ ᠬᠡᠢ ᠪᠢᠰᠢ ᠲᠤᠯᠠ ᠨᠡᠩ ᠠᠮᠤᠷ ᠲᠦᠪᠰᠢᠨ ᠪᠠᠶᠢᠳᠠᠭ᠃ ᠲᠡᠷᠡ ᠨᠢ ᠬᠦᠶᠤᠯᠲᠡ ᠶᠢᠨ ᠵᠠᠮ ᠬᠡᠷᠡᠭᠯᠡᠬᠦ ᠦᠭᠡᠢ ᠪᠠᠷ ᠪᠠᠷᠠᠭ᠎ᠠ ᠪᠠ ᠠᠶᠠᠨᠴᠢᠨ ᠢ ᠲᠡᠭᠡᠭᠡᠪᠤᠷᠢᠯᠡᠵᠦ᠂ ᠨᠡᠩ ᠤᠷᠳᠤ ᠬᠤᠭᠤᠴᠠᠭ᠎ᠠ ᠨᠢᠰᠴᠦ ᠴᠢᠳᠠᠳᠠᠭ ᠲᠡᠳᠤᠢ ᠦᠭᠡᠢ᠂ ᠬᠢᠮᠳᠠ ᠮᠦᠷᠲᠡᠭᠡᠨ ᠣᠷᠴᠢᠨ ᠲᠣᠭᠤᠷᠢᠨ ᠢ ᠬᠠᠮᠠᠭᠠᠯᠠᠵᠤ ᠳᠡᠶᠢᠯᠳᠡᠭ᠃                          ᠤᠯᠠᠭᠠᠨ ᠬᠠᠳᠠ ᠶᠢᠨ ᠡᠳᠦᠷ ᠤᠨ ᠰᠣᠨᠢᠨ ᠠᠴᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号