ᠳᠡᠯᠡᠬᠡᠢ ᠶᠢᠨ ᠬᠠᠮᠤᠭ ᠲᠣᠮᠣ ᠨᠢᠰᠬᠦ ᠣᠩᠭᠤᠴᠠ ᠠᠮᠵᠢᠯᠲᠠ ᠲᠠᠢ ᠨᠢᠰᠪᠡ
ᠨᠡᠶᠢᠲᠡᠯᠡᠭᠰᠡᠨ ᠴᠠᠭ᠄
2016/9/13
      ᠳᠡᠯᠡᠬᠡᠢ ᠶᠢᠨ ᠬᠠᠮᠤᠭ ᠲᠣᠮᠣ ᠨᠢᠰᠬᠦ ᠣᠩᠭᠤᠴᠠ ︽ᠣᠭᠲᠠᠷᠭᠤᠢ ᠳᠤ ᠠᠶᠢᠯᠴᠢᠯᠠᠭᠴᠢ︾ 8 ᠰᠠᠷ᠎ᠠ ᠶᠢᠨ 17 ᠤ ᠡᠳᠦᠷ ᠠᠩᠭ᠍ᠯᠢ ᠤᠯᠤᠰ ᠲᠤ ᠠᠩᠬᠠᠨ ᠤ ᠨᠢᠰᠤᠯᠲᠡ ᠪᠠᠨ ᠠᠮᠵᠢᠯᠲᠠ ᠲᠠᠢ ᠪᠡᠶᠡᠯᠡᠭᠦᠯᠪᠡ᠂ ᠡᠨᠡ ᠨᠢ ᠬᠦᠮᠦᠨ ᠲᠦᠷᠤᠯᠬᠢᠲᠡᠨ ᠣᠭᠲᠠᠷᠭᠤᠢ ᠪᠠᠷ ᠵᠦᠭᠡᠭᠡᠪᠤᠷᠢᠯᠡᠯᠲᠡ ᠬᠢᠬᠦ ᠰᠢᠨ᠎ᠡ ᠬᠠᠭᠤᠳᠠᠰᠤ ᠶᠢ ᠨᠡᠭᠡᠭᠡᠵᠡᠢ᠃ ᠲᠡᠷᠡ ᠨᠢ ᠤᠷᠲᠤ ᠪᠠᠷ ᠢᠶᠠᠨ 92 ᠮᠧᠲᠷ ᠪᠠᠶᠢᠵᠦ᠂ ᠨᠢᠰᠬᠦ ᠣᠩᠭᠤᠴᠠ᠂ ᠡᠭᠴᠡ ᠨᠢᠰᠭᠡᠯ ᠪᠠ ᠨᠢᠰᠭᠡᠯ ᠤᠨ ᠮᠡᠷᠭᠡᠵᠢᠯ ᠢ ᠤᠶᠠᠯᠳᠤᠭᠤᠯᠵᠤ᠂ ᠳᠡᠯᠡᠭᠡᠢ ᠳᠡᠭᠡᠷᠡᠬᠢ ᠬᠠᠮᠤᠭ ᠲᠣᠮᠣ ᠨᠢᠰᠬᠦ ᠮᠠᠰᠢᠨ ᠪᠣᠯᠤᠭᠰᠠᠨ ᠪᠠᠶᠢᠨ᠎ᠠ᠃ ᠭᠠᠳᠠᠷ ᠪᠠᠶᠢᠳᠠᠯ ᠨᠢ ᠪᠦᠮᠪᠤᠭᠡᠷ ᠲᠣᠮᠣ ᠪᠦᠭᠡᠳ ᠴᠠᠭᠠᠨ ᠦᠩᠭᠡᠲᠡᠢ ᠪᠠᠶᠢᠳᠠᠭ ᠲᠤᠯᠠ ᠬᠦᠮᠤᠰ ᠲᠡᠭᠦᠨ ᠢ ︽ᠨᠢᠰᠳᠡᠭ ᠬᠤᠨᠳᠤᠯᠠᠢ︾ ᠭᠡᠵᠦ ᠨᠡᠷᠡᠯᠡᠪᠡ᠃ ᠬᠡᠳᠤᠨ ᠵᠠᠭᠤᠨ ᠬᠦᠮᠤᠰ ᠡᠨᠡᠬᠦ ᠾᠧᠯᠢ ᠬᠡᠢ ᠢᠶᠠᠷ ᠳᠦᠭᠦᠷᠭᠡᠭᠰᠡᠨ ︽ᠣᠭᠲᠠᠷᠭᠤᠢ ᠳᠤ ᠠᠶᠢᠯᠴᠢᠯᠠᠭᠴᠢ︾ ᠳᠤ ᠰᠠᠭᠤᠵᠤ᠂ ᠯᠣᠨᠳᠣᠨ ᠬᠤᠲᠠ ᠠᠴᠠ 73 ᠺᠢᠯᠤᠮᠧᠲᠷ ᠵᠠᠶᠢᠲᠠᠢ ᠨᠢᠭᠡᠨ ᠨᠢᠰᠭᠡᠯ ᠤᠨ ᠪᠠᠭᠤᠳᠠᠯ ᠠᠴᠠ ᠣᠭᠲᠠᠷᠭᠤᠢ ᠳᠤ ᠭᠠᠷᠴᠤ᠂ ᠬᠠᠭᠠᠰ ᠴᠠᠭ ᠬᠢᠷᠢᠲᠡᠢ ᠨᠢᠰᠤᠭᠡᠳ ᠠᠯᠭᠤᠷᠬᠠᠨ ᠢᠶᠠᠷ ᠪᠠᠭᠤᠵᠤ ᠢᠷᠡᠯ᠎ᠡ ᠃ ᠡᠩ ᠤᠨ ᠨᠢᠰᠭᠡᠯ ᠠᠴᠠ ᠨᠡᠩ ᠪᠠᠭ᠎ᠠ ᠡᠨᠧᠷᠬᠢ ᠵᠠᠷᠤᠴᠠᠭᠤᠯᠵᠤ ᠨᠡᠩ ᠶᠡᠭᠡ ᠬᠡᠮᠵᠢᠶᠡᠨ ᠤ ᠪᠠᠷᠠᠭ᠎ᠠ ᠲᠠᠸᠠᠷ ᠵᠦᠭᠡᠭᠡᠪᠤᠷᠢᠯᠡᠬᠦ ᠶᠢᠨ ᠲᠦᠯᠦᠭᠡ ᠲᠤᠰ ︽ᠣᠭᠲᠠᠷᠭᠤᠢ ᠳᠤ ᠠᠶᠢᠯᠴᠢᠯᠠᠭᠴᠢ︾ ᠶᠢ ᠵᠢᠷᠤᠵᠤ ᠲᠦᠯᠦᠪᠯᠡᠭᠰᠡᠨ ᠶᠤᠮ᠃ ᠡᠨᠡᠬᠦ ᠨᠢᠰᠭᠡᠯ ᠨᠢ ᠬᠠᠮᠤᠭ ᠦᠨᠳᠤᠷ ᠲᠡᠭᠡᠨ 4900 ᠮᠧᠲᠷ ᠨᠢᠰᠴᠦ᠂ ᠬᠠᠮᠤᠭ ᠲᠦᠷᠭᠡᠨ ᠳᠡᠭᠡᠨ ᠴᠠᠭ ᠪᠦᠷᠢ148 ᠺᠢᠯᠤᠮᠧᠲᠷ ᠢᠶᠠᠷ ᠦᠷᠬᠦᠯᠵᠢᠯᠡᠨ2 ᠴᠠᠭ ᠨᠢᠰᠴᠤ ᠳᠡᠶᠢᠯᠤᠨ᠎ᠡ᠃       ᠨᠢᠰᠬᠦ ᠣᠩᠭᠤᠴᠠ ᠪᠣᠯ ᠨᠢᠭᠡ ᠵᠤᠶᠢᠯ ᠤᠨ ᠠᠭᠠᠷ ᠠᠴᠠ ᠬᠦᠩᠬᠡᠨ ᠪᠠᠶᠢᠳᠠᠭ ᠠᠶᠠᠯᠠᠯ ᠤᠨ ᠮᠠᠰᠢᠨ ᠶᠤᠮ᠂ ᠬᠡᠳᠤᠶᠢᠪᠡᠷ ᠪᠣᠢ ᠪᠣᠯᠤᠭᠠᠳ ᠨᠡᠯᠢᠶᠡᠳ ᠤᠳᠠᠵᠤ ᠪᠠᠶᠢᠭ᠎ᠠ ᠪᠣᠯᠪᠠᠴᠤ ᠶᠡᠷᠤ ᠠᠴᠠ ᠵᠠᠬ᠎ᠠ ᠳᠤ ᠭᠠᠷᠭᠠᠵᠤ ᠦᠩᠭᠡᠷᠡᠭᠰᠡᠨ ᠦᠭᠡᠢ᠃ ᠠᠩᠭ᠍ᠯᠢ ᠤᠯᠤᠰ ᠤᠨ ᠨᠢᠰᠬᠦ ᠣᠩᠭᠤᠴᠠ 1930 ᠣᠨ ᠳᠤ ᠠᠳᠡᠯ ᠭᠠᠷᠴᠤ᠂ ᠠᠭᠠᠷ ᠤᠨ ᠴᠡᠷᠢᠭ ᠤᠨ ᠰᠠᠶᠢᠳ ᠪᠠᠭᠲᠠᠯᠴᠠᠭᠰᠠᠨ 50 ᠬᠦᠮᠦᠨ ᠠᠳᠡᠵᠡᠢ᠃ ᠭᠧᠷᠮᠠᠨ ᠤ ᠨᠢᠭᠡ ᠨᠢᠰᠬᠦ ᠣᠩᠭᠤᠴᠠ 1937 ᠣᠨ ᠳᠤ ᠠᠮᠧᠷᠢᠺᠠ ᠳᠤ ᠨᠢᠰᠬᠦ ᠶᠠᠪᠤᠴᠠ ᠳᠠᠭᠠᠨ ᠬᠤᠷᠤᠮᠬᠠᠨ ᠵᠠᠭᠤᠷ᠎ᠠ ᠰᠢᠳᠡᠵᠦ ᠰᠤᠶᠢᠲᠤᠭᠡᠳ 35 ᠬᠦᠮᠦᠨ ᠠᠳᠡᠭᠳᠡᠭᠰᠡᠨ ᠪᠠᠶᠢᠨ᠎ᠠ᠃ ᠰᠢᠨ᠎ᠡ ᠪᠠᠷ ᠤᠶᠢᠯᠡᠳᠤᠭ᠍ᠰᠡᠨ ᠨᠢᠰᠬᠦ ᠣᠩᠭᠤᠴᠠ ᠨᠢ 10 ᠲᠤᠨ ᠪᠠᠷᠠᠭ᠎ᠠ ᠪᠣᠶᠤ ᠠᠶᠠᠨᠴᠢᠨ ᠲᠡᠭᠡᠭᠡᠪᠤᠷᠢᠯᠡᠵᠦ ᠳᠡᠶᠢᠯᠤᠨ᠎ᠡ᠃ ᠬᠡᠷᠡᠭᠯᠡᠵᠦ ᠪᠠᠶᠢᠭ᠎ᠠ ᠨᠢ ᠾᠧᠯᠢ ᠬᠡᠢ ᠪᠠᠶᠢᠵᠦ᠂ ᠤᠰᠤᠳᠦ᠋ᠷᠦᠭᠴᠢ ᠬᠡᠢ ᠪᠢᠰᠢ ᠲᠤᠯᠠ ᠨᠡᠩ ᠠᠮᠤᠷ ᠲᠦᠪᠰᠢᠨ ᠪᠠᠶᠢᠳᠠᠭ᠃ ᠲᠡᠷᠡ ᠨᠢ ᠬᠦᠶᠤᠯᠲᠡ ᠶᠢᠨ ᠵᠠᠮ ᠬᠡᠷᠡᠭᠯᠡᠬᠦ ᠦᠭᠡᠢ ᠪᠠᠷ ᠪᠠᠷᠠᠭ᠎ᠠ ᠪᠠ ᠠᠶᠠᠨᠴᠢᠨ ᠢ ᠲᠡᠭᠡᠭᠡᠪᠤᠷᠢᠯᠡᠵᠦ᠂ ᠨᠡᠩ ᠤᠷᠳᠤ ᠬᠤᠭᠤᠴᠠᠭ᠎ᠠ ᠨᠢᠰᠴᠦ ᠴᠢᠳᠠᠳᠠᠭ ᠲᠡᠳᠤᠢ ᠦᠭᠡᠢ᠂ ᠬᠢᠮᠳᠠ ᠮᠦᠷᠲᠡᠭᠡᠨ ᠣᠷᠴᠢᠨ ᠲᠣᠭᠤᠷᠢᠨ ᠢ ᠬᠠᠮᠠᠭᠠᠯᠠᠵᠤ ᠳᠡᠶᠢᠯᠳᠡᠭ᠃                          ᠤᠯᠠᠭᠠᠨ ᠬᠠᠳᠠ ᠶᠢᠨ ᠡᠳᠦᠷ ᠤᠨ ᠰᠣᠨᠢᠨ ᠠᠴᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号