ᠮᠤᠩᠭᠤᠯᠴᠤᠳ ᠤᠨ ︿︿ᠬᠠᠮᠤᠭ ᠤᠨ ᠬᠦᠨᠳᠦᠲᠠᠢ ᠵᠤᠭᠤᠭ﹀﹀
ᠨᠡᠶᠢᠲᠡᠯᠡᠭᠰᠡᠨ ᠴᠠᠭ᠄
2016/9/5
     ᠮᠤᠩᠭᠤᠯᠴᠤᠳ ᠬᠤᠯᠡ ᠤᠶᠢᠷ᠎ᠡ ᠶᠢᠨ ᠭᠡᠶᠢᠴᠢᠨ ᠵᠤᠴᠢᠨ ᠢᠶᠠᠨ ᠬᠦᠨᠳᠦᠳᠭᠡᠬᠦ ᠳᠤ ᠪᠠᠷᠢᠳᠠᠭ ᠬᠠᠮᠤᠭ ᠤᠨ ᠡᠷᠬᠢᠮ ᠵᠤᠭᠤᠭ ᠨᠢ ᠬᠤᠨᠢᠨ ᠰᠢᠭᠦᠰᠦ ᠳᠡᠪᠰᠢᠭᠦᠯᠡᠬᠦ᠂ ᠤᠭᠤᠴᠠ ᠬᠠᠰᠢᠬᠤ ︵ᠵᠦᠰᠦᠬᠦ︶ ᠶᠤᠰᠤᠨ ᠶᠤᠮ᠃ ︿︿ᠬᠤᠨ ᠴᠠᠭᠠᠨ ᠦᠩᠭᠡᠲᠠᠢ᠂ ᠬᠤᠩᠭᠤᠷ ᠰᠠᠶᠢᠬᠠᠨ ᠳᠠᠭᠤ ᠲᠠᠢ᠂ ᠬᠤᠳᠠ ᠮᠠᠨᠳᠠᠯ ᠤᠨ ᠴᠢᠮᠡᠭ ᠪᠤᠯᠤᠭᠰᠡᠨ ᠬᠠᠯᠠᠭᠤᠨ ᠬᠤᠰᠢᠭᠤᠳᠤ ᠮᠠᠯ﹀﹀ ᠭᠡᠵᠦ ᠮᠠᠨ ᠤ ᠠᠷᠠᠳ ᠲᠦᠮᠡᠨ ᠬᠤᠨᠢ ᠪᠠᠨ ᠡᠷᠭᠦᠮᠵᠢᠯᠡᠳᠡᠭ᠃ ᠡᠶᠢᠮᠦ ᠠᠴᠠ ᠬᠠᠮᠤᠭ ᠤᠨ ᠬᠦᠨᠳᠦᠳᠦ ᠵᠤᠴᠢᠳ ᠢᠶᠠᠨ ᠪᠤᠶᠤ ᠶᠡᠭᠡ ᠨᠠᠶᠢᠷ ᠨᠠᠭᠠᠳᠤᠮ᠂ ᠴᠠᠭᠠᠨ ᠰᠠᠷ᠎ᠠ ᠶᠢᠨ ᠦᠶ᠎ᠡ ᠪᠠᠷ ᠶᠡᠬᠡᠪᠴᠢᠯᠡᠨ ᠪᠦᠬᠦᠯᠢ ᠬᠤᠨᠢᠨ ᠤ ᠮᠢᠬ᠎ᠠ ᠪᠠᠷ ᠢᠳᠡᠭᠡ ᠪᠠᠷᠢᠬᠤ ᠶᠢ ᠰᠢᠭᠦᠰᠦ ᠲᠠᠯᠪᠢᠬᠤ ᠭᠡᠨ᠎ᠡ᠃ ᠪᠦᠬᠦᠯᠢ ᠬᠤᠨᠢᠨ ᠤ ᠰᠢᠭᠦᠰᠦ ᠳᠤ ᠤᠭᠤᠴᠠ᠂ ᠳᠦᠷᠪᠡᠨ ᠮᠦᠴᠢ᠂ ᠦᠨᠳᠦᠷ ᠪᠤᠭᠤᠨᠢ ᠬᠠᠪᠢᠷᠠᠭ᠎ᠠ᠂ ᠰᠡᠭᠡᠷ᠂ ᠡᠷᠡᠦ ᠦᠭᠡᠢ ᠲᠤᠯᠤᠭᠠᠢ ᠤᠷᠤᠨ᠎ᠠ᠃ ᠵᠠᠷᠢᠮ ᠨᠤᠳᠤᠭ ᠲᠤ ᠡᠯᠢᠭᠡ᠂ ᠵᠢᠷᠦᠬᠡ᠂ ᠪᠦᠭᠡᠷ᠎ᠡ᠂ ᠬᠡᠯᠡ᠂ ᠭᠡᠳᠡᠰᠤ ᠶᠢ ᠬᠠᠮᠳᠤ ᠲᠠᠯᠪᠢᠳᠠᠭ᠃ ᠬᠠᠷᠢᠨ ᠬᠤᠷᠢᠨ ᠨᠢᠭᠡᠨ ᠤᠪ ᠬᠡᠮᠡᠭᠴᠢ ᠮᠢᠬᠠᠨ ᠤ ᠵᠦᠢᠯ ᠲᠠᠯᠪᠢᠬᠤ ᠶᠢ ᠴᠡᠭᠡᠷᠯᠡᠳᠡᠭ᠃ ᠡᠭᠦᠨ ᠳᠤ ᠲᠦᠭᠰᠢᠭᠦᠷᠢ᠂ ᠪᠦᠳᠡᠷᠬᠡᠢ᠂ ᠭᠡᠳᠡᠰᠤᠨ ᠤ ᠵᠡᠩᠭᠢᠯᠠᠭ᠎ᠠ᠂ ᠪᠤᠯᠴᠢᠷᠠᠬᠠᠢ᠂ ᠬᠠᠷᠢᠳᠤ᠂ ᠴᠢᠮᠦᠭᠡ᠂ ᠰᠠᠮᠠᠯᠳᠠᠭ᠂ ᠨᠤᠶᠢᠷ᠂ ᠤᠯᠤᠭᠤᠢ᠂ ᠰᠢᠯᠢ᠂ ᠨᠤᠭᠤᠰᠤ᠂ ᠲᠠᠩᠨᠠᠢ᠂ ᠲᠡᠯᠢᠭᠦᠦ ᠵᠡᠷᠭᠡ ᠤᠷᠤᠨ᠎ᠠ᠃ ᠰᠢᠭᠦᠰᠦ ᠶᠢ ᠪᠤᠯᠭᠤᠬᠤ᠂ ᠲᠡᠪᠰᠢᠭᠦᠯᠡᠬᠦ᠂ ᠬᠦᠨᠳᠡᠬᠦ᠂ ᠡᠷᠭᠢᠭᠦᠯᠡᠬᠦ ᠲᠤᠰ ᠲᠤᠰ ᠶᠤᠰᠤ ᠵᠢᠷᠦᠮ ᠲᠠᠢ᠃ ᠪᠤᠯᠭᠤᠭᠰᠡᠨ ᠬᠤᠨᠢᠨ ᠮᠢᠬ᠎ᠠ ᠪᠠᠨ ᠳᠦᠷᠪᠡᠨ ᠬᠦᠯᠳᠦ ᠮᠦᠩᠭᠦᠨ ᠴᠠᠷ ᠪᠤᠶᠤ ᠭᠠᠤᠯᠢᠨ ᠳᠠᠪᠠᠭ᠂ ᠮᠤᠳᠤᠨ ᠲᠠᠪᠰᠢ ᠳᠤ ᠳᠦᠷᠪᠡᠨ ᠮᠦᠴᠢ ᠶᠢ ᠨᠢ ᠠᠮᠢᠳᠦ ᠬᠤᠨᠢᠨ ᠤ ᠬᠡᠪᠳᠡᠭᠡ ᠬᠡᠯᠪᠡᠷᠢ ᠶᠤᠰᠤᠭᠠᠷ ᠡᠮᠦᠨ᠎ᠡ᠂ ᠬᠤᠶᠢᠨ᠎ᠠ᠂ ᠵᠦᠪ ᠪᠤᠷᠤᠭᠤ ᠲᠠᠯ᠎ᠠ ᠪᠠᠷ ᠨᠢ ᠢᠯᠭᠠᠵᠦ ᠲᠠᠯᠪᠢᠭᠠᠳ ᠳᠤᠮᠳᠠ ᠨᠢ ᠰᠡᠭᠡᠷ ᠂ ᠬᠦᠵᠦᠬᠦᠦ ᠶᠢ ᠦᠷᠦᠵᠦ᠂ ᠲᠡᠭᠦᠨ ᠤ ᠲᠡᠭᠡᠷ᠎ᠡ ᠪᠦᠬᠦᠯᠢ ᠤᠭᠤᠴᠠ ᠪᠠᠨ ᠰᠡᠭᠦᠯ ᠢ ᠨᠢ ᠬᠤᠶᠢᠰᠢ ᠬᠠᠨᠳᠤᠭᠤᠯᠤᠨ ᠲᠠᠯᠪᠢᠵᠦ᠂ ᠤᠭᠤᠴᠠᠨ ᠲᠡᠭᠡᠷ᠎ᠡ ᠨᠢ ᠪᠠᠶᠠᠷ ᠤᠨ ᠮᠠᠩᠨᠠᠢ ᠪᠤᠶᠤ ᠲᠤᠨᠤᠯᠵᠢᠨ ᠡᠰᠭᠡᠭᠰᠡᠨ ᠬᠤᠨᠢᠨ ᠤ ᠲᠤᠯᠤᠭᠠᠢ ᠶᠢ ᠤᠭᠤᠴᠠ ᠤ ᠪᠠᠨ ᠲᠤᠯᠤᠭᠠᠢ ᠦᠭᠡᠳᠡ ᠬᠠᠨᠳᠤᠭᠤᠯᠤᠨ ᠭᠤᠤᠯᠯᠠᠭᠤᠯᠠᠵᠦ ᠲᠠᠯᠪᠢᠨ᠎ᠠ᠃ ᠡᠭᠦᠨ ᠢ ᠪᠦᠬᠦᠯᠢ ᠬᠤᠨᠢᠨ ᠤ ᠰᠢᠭᠦᠰᠦ ᠲᠡᠪᠰᠢᠭᠦᠯᠡᠬᠦ ᠶᠤᠰᠤᠨ ᠭᠡᠨ᠎ᠡ᠃ ᠵᠠᠷᠢᠮ ᠶᠡᠭᠡ ᠨᠡᠶᠢᠷ ᠲᠤ ᠢᠷᠦᠭᠡᠯᠴᠢ ᠤᠷᠢᠵᠦ ᠢᠷᠦᠭᠡᠭᠰᠡᠨ ᠤ ᠲᠠᠷᠠᠭ᠎ᠠ ᠰᠢᠭᠦᠰᠦ ᠶᠢ ᠬᠦᠨᠳᠡᠵᠦ ᠡᠭᠢᠯᠡᠳᠡᠭ᠃          ᠤᠭᠤᠴᠠ ᠬᠠᠰᠢᠭᠴᠢ ︵ᠵᠦᠰᠦᠭᠴᠢ︶ ᠪᠤᠶᠤ ᠭᠡᠷ ᠡᠵᠡᠨ ᠶᠠᠭᠤᠨ ᠤ ᠡᠮᠦᠨ᠎ᠡ ᠬᠤᠨᠢᠨ ᠲᠤᠯᠤᠭᠠᠢ ᠶᠢᠨ ᠳᠤᠬᠤ ᠠᠴᠠ ᠬᠤᠶᠢᠬ᠎ᠠ ᠶᠢ ᠨᠢ ᠬᠦᠨᠳᠡᠵᠦ ᠭᠠᠯ ᠳᠤ ᠡᠷᠭᠦᠨ᠎ᠡ᠂ ᠲᠠᠬᠢᠨ ᠪᠠᠷᠠᠭᠤᠨ ᠴᠢᠬᠢᠨ ᠤ ᠠᠷᠦ ᠲᠠᠯ᠎ᠠ ᠶᠢ ᠵᠢᠭᠠᠬᠠᠨ ᠬᠦᠨᠳᠡᠵᠦ ᠬᠤᠨᠢᠨ ᠲᠤᠯᠤᠭᠠᠢ ᠶᠢ ᠲᠠᠪᠠᠭ ᠲᠠᠪᠰᠢᠨ ᠳᠤ ᠠᠭᠤᠯᠤᠨ ᠨᠢᠭᠡ ᠲᠠᠯ᠎ᠠ ᠳᠤᠨᠢ ᠲᠠᠯᠪᠢᠭᠠᠳ ᠤᠭᠤᠴᠠ ᠤ ᠤᠭᠤᠷᠠᠭ ᠰᠡᠭᠦᠯ ᠠᠴᠠ ᠤᠭᠳᠤᠯᠠᠨ ᠠᠪᠴᠦ ᠵᠦᠪ ᠲᠠᠯ᠎ᠠ ᠶᠢᠨ ᠱᠠᠭᠠᠨᠳᠤ ᠴᠢᠮᠦᠭᠡ ᠶᠢᠨ ᠬᠠᠮᠳᠤ ᠲᠠᠬᠢᠯᠠᠭ᠎ᠠ ᠲᠠᠯᠪᠢᠳᠠᠭ᠃          ᠲᠡᠭᠡᠭᠳ ᠭᠤᠤᠯ ᠵᠤᠴᠢᠳ ᠬᠢᠳᠤᠭ᠎ᠠ ᠪᠠᠨ ᠰᠢᠯᠵᠢᠭᠦᠯᠡᠬᠦ ᠳᠤ ᠵᠤᠴᠢᠨ ᠤᠭᠤᠴᠠ ᠤ ᠢᠳᠡᠭᠡᠨ ᠠᠴᠠ ᠣᠭᠳᠤᠯᠤᠨ ᠭᠠᠯ ᠳᠤ ᠡᠷᠭᠦᠭᠡᠳ ᠦᠪᠡᠷ ᠢᠶᠠᠨ ᠢᠳᠡᠭᠰᠡᠨ ᠤ ᠳᠠᠷᠠᠭ᠎ᠠ ᠪᠤᠰᠤᠳ ᠨᠢ ᠵᠤᠭᠤᠭᠯᠠᠳᠠᠭ᠃
 
ᠢᠷᠡᠯᠲᠡ᠄ ᠮᠤᠩᠭᠤᠯ ᠨᠢᠭᠤᠴᠠ ᠶᠢᠨ ᠬᠡᠯᠬᠢᠶ᠎ᠡ ᠠᠴᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号