ᠤᠨᠤᠯᠠᠭᠠ ᠠᠴᠢᠶᠠᠯᠠᠭ᠎ᠠ ᠶᠢᠨ ᠮᠤᠷᠢ ᠮᠠᠯ ᠳᠤ ᠲᠤᠬᠤᠳᠠᠭ ᠪᠦᠭᠦᠷᠭᠡ᠂ ᠬᠠᠪᠲᠠᠰᠦ᠂ ᠭᠦᠯᠢᠮ ᠵᠡᠷᠭᠡ ᠲᠤᠨᠤᠭ | ᠢᠶᠠᠷ ᠪᠦᠷᠢᠳᠦᠭᠰᠡᠨ ᠬᠡᠷᠡᠭᠯᠡᠯ ᠢ ᠡᠮᠡᠭᠡᠯ ᠭᠡᠨ᠎ᠡ᠃ ᠡᠮᠡᠭᠡᠯ ᠨᠢ ᠮᠤᠷᠢ ᠤᠨᠤᠵᠦ ᠪᠤᠢ ᠬᠦᠮᠦᠨ ᠤ ᠬᠠᠮᠤᠭ ᠤᠨ | ᠲᠤᠬᠢᠷᠠᠮᠵᠢ ᠲᠠᠢ ᠰᠠᠭᠤᠳᠡᠯ ᠪᠦᠭᠡᠳ ᠮᠤᠷᠢᠨ ᠤ ᠨᠢᠷᠤᠭᠤᠨ ᠳᠤ ᠬᠦᠨᠳᠦ ᠶᠢᠨ ᠲᠡᠷᠤᠯᠲᠡ ᠶᠢ ᠵᠢᠭᠳᠡ ᠬᠤᠪᠢᠶᠠᠷᠢᠯᠠᠬᠤ | ᠵᠤᠷᠢᠭᠤᠯᠠᠯᠲᠡ ᠪᠦᠬᠦᠢ ᠬᠡᠷᠡᠭᠯᠡᠯ ᠶᠤᠮ᠃ | ᠲᠦᠷᠦᠯ ᠵᠦᠢᠯ᠄ ᠡᠮᠡᠭᠡᠯ ᠢ ᠶᠡᠬᠡᠪᠴᠢᠯᠡᠨ ᠬᠤᠰᠤ ᠮᠤᠳᠤ ᠪᠠᠷ ᠬᠢᠳᠡᠭ᠃ | ᠤᠷᠴᠢᠨ ᠦᠶ᠎ᠡ ᠶᠢᠨ ᠮᠤᠩᠭᠤᠯ ᠡᠮᠡᠭᠡᠯ ᠨᠡᠯᠢᠶᠡᠳ ᠤᠯᠡᠨ ᠶᠠᠩᠵᠦ ᠪᠤᠯᠪᠡᠴᠦ ᠪᠦᠭᠦᠳᠡ ᠦᠪᠡᠷᠰᠡᠳ ᠤᠨ | ᠭᠡᠰᠡᠨ ᠬᠦᠭᠵᠢᠯ ᠤᠨ ᠲᠤᠳᠤᠷᠠᠬᠠᠢ ᠦᠶ᠎ᠡ ᠱᠠᠲᠦ ᠲᠠᠢ ᠬᠦᠭᠵᠢᠵᠦ ᠢᠷᠡᠵᠡᠢ᠃ ᠡᠭᠦᠨ ᠠᠴᠠ ᠦᠨᠳᠦᠰᠦᠯᠡᠨ | ᠮᠤᠩᠭᠤᠯ ᠡᠮᠡᠭᠡᠯ ᠢ ᠲᠤᠮᠦ ᠬᠦᠮᠦᠨ ᠤ᠂ ᠬᠡᠦᠬᠡᠳ ᠤᠨ᠂ ᠵᠠᠯᠠᠭᠤ ᠪᠤᠶᠤ ᠡᠮᠡᠭᠲᠡᠢ ᠬᠦᠮᠦᠨ ᠤ᠂ ᠬᠤᠷᠳᠤᠨ ᠮᠤᠷᠢᠨ ᠤ | ᠂ ᠤᠷᠤᠰ᠂ ᠬᠠᠰᠠᠭ᠂ ᠴᠡᠷᠢᠭ ᠤᠨ᠂ ᠦᠵᠦᠮᠦᠴᠢᠨ ᠡᠮᠡᠭᠡᠯ ᠭᠡᠬᠦ ᠵᠡᠷᠭᠡ ᠪᠠᠷ ᠠᠩᠭᠢᠯᠠᠳᠠᠭ᠃ | ᠨᠠᠰᠦᠲᠡᠶᠢᠴᠤᠳ ᠪᠤᠶᠤ ︵ᠲᠤᠮᠦ︶ ᠬᠦᠮᠦᠨ ᠤ ᠡᠮᠡᠭᠡᠯ ᠰᠠᠭᠤᠳᠡᠯ ᠠᠭᠤᠵᠢᠮ᠂ ᠨᠠᠮᠤᠬᠠᠨ ᠪᠦᠭᠦᠷᠭᠡ ᠲᠠᠢ᠂ | ᠪᠠᠶᠢᠬᠤ ᠪᠦᠭᠡᠳ ᠮᠦᠩᠭᠦᠨ ᠴᠢᠮᠡᠭᠯᠡᠯ ᠪᠠᠷᠤᠭ ᠤᠷᠤᠳᠠᠭ ᠦᠭᠡᠢ᠃ ᠵᠠᠯᠠᠭᠤᠴᠤᠳ ᠪᠤᠶᠤ ᠡᠮᠡᠭᠲᠡᠢ ᠬᠦᠮᠦᠨ ᠡᠮᠡᠭᠡᠯ | ᠨᠢ ᠬᠡᠮᠵᠢᠶ᠎ᠡ ᠪᠠᠷ ᠪᠠᠭ᠎ᠠ᠂ ᠴᠤᠮᠪᠤᠭᠤᠷ ᠪᠤᠰᠤᠭᠠᠳᠠᠭᠤ ᠪᠦᠭᠦᠷᠭᠡ ᠲᠠᠢ᠂ ᠮᠦᠩᠭᠦᠨ ᠪᠠᠭᠠᠪᠤᠷ ︵ᠳᠠᠷᠤᠭᠤᠯᠭ᠎ᠠ︶ ᠲᠠᠢ | ᠪᠠᠶᠢᠨ᠎ᠠ᠃ ᠬᠡᠦᠬᠡᠳ ᠤᠨ ᠪᠠ ᠬᠤᠷᠳᠦᠨ ᠮᠤᠷᠢᠨ ᠤ ᠡᠮᠡᠭᠡᠯ ᠨᠢ ᠵᠢᠵᠢᠭ᠂ ᠠᠪᠰᠠᠷᠬᠠᠨ ᠨᠠᠮ ᠪᠦᠭᠦᠷᠭᠡ ᠲᠠᠢ ᠪᠠᠶᠢᠨ᠎ᠠ | ᠃ | ᠡᠮᠡᠭᠡᠯ ᠤᠨ ᠶᠠᠰᠦ ᠮᠤᠳᠤ ᠶᠢ ᠪᠦᠷᠢᠳᠦᠭᠦᠯᠵᠦ ᠪᠤᠢ ᠪᠦᠭᠦᠷᠭᠡ ᠨᠢ ᠡᠮᠡᠭᠡᠯ ᠤᠨ ᠡᠮᠦᠨ᠎ᠡ ᠪᠡ ᠬᠤᠶᠢᠨ᠎ᠠ ᠪᠠᠶᠢᠬᠤ | ᠪᠤᠰᠤᠭ᠎ᠠ ᠬᠡᠯᠪᠡᠷᠢ ᠲᠠᠢ ᠬᠤᠶᠡᠷ ᠭᠤᠵᠤᠭᠤᠷ ᠬᠡᠰᠡᠭ ᠮᠤᠳᠤ ᠶᠤᠮ᠃ ᠡᠮᠦᠨᠡᠬᠢ ᠪᠦᠭᠦᠷᠭᠡ ᠨᠢ ᠦᠷᠯᠦᠭᠡ ᠶᠢᠨ ᠨᠠᠷᠠᠨ | ᠴᠤᠬᠤᠶᠢᠨ ᠮᠠᠨᠳᠦᠵᠦ ᠪᠠᠶᠢᠭ᠎ᠠ ᠬᠡᠯᠪᠡᠷᠢ ᠲᠠᠢ ᠪᠠᠶᠢᠳᠠᠭ ᠤᠴᠢᠷ ᠨᠠᠷᠠᠨ ᠪᠦᠭᠦᠷᠭᠡ᠂ ᠬᠤᠶᠢᠲᠦ ᠪᠦᠭᠦᠷᠭᠡ ᠨᠢ ᠶᠠᠭ | ᠰᠢᠨ᠎ᠡ ᠶᠢᠨ ᠰᠠᠷᠠᠨ ᠰᠢᠭ ᠬᠡᠯᠪᠡᠷᠢ ᠲᠠᠢ ᠲᠤᠯᠡ ᠰᠠᠷᠡᠨ ᠪᠦᠭᠦᠷᠭᠡ ᠭᠡᠵᠤ ᠲᠤᠰ ᠲᠤᠰ ᠨᠡᠷᠡᠯᠡᠳᠡᠭ᠃ ᠦᠭᠡᠷ᠎ᠡ ᠪᠠᠷ | ᠬᠡᠯᠡᠪᠡᠯ᠂ ᠡᠮᠦᠨ᠎ᠡ ᠪᠦᠭᠦᠷᠭᠡ ᠨᠡᠯᠢᠶᠡᠳ ᠪᠤᠰᠤᠭ᠎ᠠ ᠦᠨᠳᠦᠷ᠂ ᠬᠤᠶᠢᠲᠦ ᠪᠦᠭᠦᠷᠭᠡ ᠨᠢ ᠨᠠᠮᠤᠬᠠᠨ ︵ᠨᠠᠯᠠᠭᠤ︶ | ᠪᠠᠶᠢᠳᠠᠭ᠃ ᠡᠨᠡ ᠨᠢ ᠬᠦᠮᠦᠨ ᠡᠮᠡᠭᠡᠯ ᠳᠡᠭᠡᠷ᠎ᠡ ᠰᠠᠭᠤᠵᠦ ᠶᠠᠪᠤᠬᠤ ᠳᠤ ᠪᠡᠶ᠎ᠡ ᠳᠤ ᠡᠪᠲᠡᠶᠢᠬᠡᠨ ᠲᠤᠬᠢᠷᠠᠮᠵᠢ ᠲᠠᠢ | ᠪᠠᠶᠢᠳᠠᠭ ᠲᠠᠢ ᠬᠤᠯᠪᠤᠭᠠᠲᠠᠢ᠃ | ᠡᠮᠡᠭᠡᠯ ᠤᠨ ᠪᠦᠭᠦᠷᠭᠡ ᠶᠢ ᠶᠡᠬᠡᠪᠴᠢᠯᠡᠨ ᠲᠤᠳᠤ ᠤᠯᠠᠭᠠᠨ ᠦᠩᠭᠡ ᠪᠠᠷ ᠶᠠᠮᠠᠷ ᠴᠦ ᠦ ᠰᠡᠪ ᠦᠭᠡᠢ ᠵᠢᠭᠳᠡ | ᠪᠤᠳᠤᠵᠦ ᠭᠤᠶᠤᠯᠠᠳᠠᠭ᠃ ᠪᠦᠭᠦᠷᠭᠡ ᠶᠢᠨ ᠳᠤᠤᠷᠡᠳᠦ ᠵᠠᠬ᠎ᠠ ᠶᠢ ᠦᠭᠡᠷ᠎ᠡ ᠦᠩᠭᠡ ᠪᠠᠷ ᠡᠮᠵᠢᠨ ᠪᠤᠳᠤᠪᠡᠯ | ᠦᠵᠡᠮᠵᠢᠲᠡᠢ ᠪᠤᠯᠤᠨ᠎ᠠ᠃ | ᠮᠤᠩᠭᠤᠯ ᠡᠮᠡᠭᠡᠯ ᠤᠨ ᠬᠤᠶᠡᠷ ᠪᠦᠭᠦᠷᠭᠡ ᠶᠢᠨ ᠳᠡᠭᠡᠳᠦ ᠢᠷᠮᠡᠭ ᠢ ᠳᠠᠭᠠᠭᠤᠯᠠᠨ ᠬᠠᠳᠠᠬᠤ ᠳᠤ ᠲᠤᠬᠢᠷᠠᠭᠤᠯᠵᠦ᠂ | ᠶᠠᠰᠦ᠂ ᠲᠡᠮᠦᠷᠯᠢᠭ ᠢᠶᠠᠷ ᠬᠢᠭᠰᠡᠨ ᠭᠤᠶᠤᠯᠠᠯ ᠴᠢᠮᠡᠭᠯᠡᠯ ᠤᠨ ᠵᠦᠢᠯ ᠢ ᠬᠢᠷ᠎ᠡ ᠭᠡᠨ᠎ᠡ᠃ ᠬᠢᠷ᠎ᠡ ᠶᠢ ᠪᠤᠭᠤ ᠶᠢᠨ ᠡᠪᠡᠷ᠂ | ᠦᠩᠭᠡᠯᠡᠭᠰᠡᠨ ᠲᠡᠮᠦᠷ᠂ ᠶᠠᠰᠦ ᠪᠠᠷ ᠬᠢᠵᠦ ᠪᠤᠯᠳᠠᠭ᠃ ᠭᠤᠶᠤᠯᠠᠯ ᠤᠨ ᠡᠮᠡᠭᠡᠯ ᠤᠨ ᠬᠢᠷ᠎ᠡ ᠶᠢ ᠬᠡᠭᠡᠯᠡᠭᠰᠡᠨ ︵ᠬᠡ | — ᠯᠡᠭᠰᠡᠨ︶ ᠪᠤᠶᠤ ᠬᠦᠭᠡᠭᠡᠮᠡᠯ ᠬᠡ ᠭᠠᠷᠭᠠᠭᠰᠠᠨ ᠮᠦᠩᠭᠦ᠂ ᠭᠠᠤᠯᠢ ᠵᠡᠷᠭᠡ ᠪᠠᠷ ᠬᠢᠳᠡᠭ᠃ ᠬᠢᠷ᠎ᠡ ᠶᠢ ᠶᠠᠰᠦᠨ | ᠪᠤᠯᠤᠨ ᠲᠡᠮᠦᠷ ᠭᠠᠳᠠᠭᠠᠰᠦ ᠪᠠᠷ ᠬᠠᠳᠠᠵᠦ ᠪᠠᠬᠢᠯᠡᠨ᠎ᠡ᠃ ᠬᠢᠷ᠎ᠡ ᠨᠢ ᠤᠷᠴᠢᠮ ᠤᠨ ᠮᠤᠳᠤᠨ ᠤ ︵ᠪᠦᠭᠦᠷᠭᠡ ᠶᠢᠨ︶ | ᠢᠷᠮᠡᠭ ᠢ ᠮᠦᠯᠢᠭᠡᠷ ᠪᠤᠯᠭᠠᠳᠠᠭ᠃ | ᠡᠮᠡᠭᠡᠯ ᠤᠨ ᠬᠤᠶᠡᠷ ᠪᠦᠭᠦᠷᠭᠡ ᠶᠢᠨ ᠳᠤᠤᠷᠡᠬᠢ ᠤᠯᠤᠮ ︵ᠤᠯᠤᠩ︶᠂ ᠵᠢᠷᠢᠮ᠂ ᠲᠦᠷᠦᠭᠡᠨ ᠤ ᠰᠣᠷ᠂ | ᠭᠠᠨᠵᠤᠭ᠎ᠠ᠂ ᠤᠭᠰᠤᠷᠠᠭᠠ ᠵᠡᠷᠭᠡ ᠶᠢ ᠤᠭᠤᠰᠤᠷᠯᠠᠨ ᠲᠤᠭᠲᠠᠭᠠᠳᠠᠭ ᠬᠠᠪᠲᠠᠭᠠᠢ ᠮᠤᠳᠤ ᠶᠢ ᠡᠮᠡᠭᠡᠯ ᠤᠨ ᠬᠠᠪᠢᠰᠦ | ᠭᠡᠨ᠎ᠡ᠃ ᠡᠭᠦᠨ ᠤ ᠳᠤᠲᠤᠷᠡᠬᠢ ᠢᠷᠮᠡᠭ ᠤᠳ ᠢ ᠰᠠᠶᠢᠨ ᠨᠠᠯᠠᠭᠤ ᠪᠤᠯᠭᠠᠬᠤ ᠨᠢ ᠮᠠᠯ ᠤᠨ ᠨᠢᠷᠤᠭᠤ ᠶᠢ ᠨᠤᠬᠤᠵᠦ | ᠭᠡᠮᠲᠦᠭᠡᠬᠦ ᠠᠴᠠ ᠬᠠᠮᠠᠭᠠᠯᠠᠨ᠎ᠠ᠃ ᠡᠮᠡᠭᠡᠯ ᠤᠨ ᠪᠦᠭᠦᠷᠭᠡ᠂ ᠬᠠᠪᠲᠠᠰᠦ ᠶᠢᠨ ᠳᠤᠤᠷᠳᠦ ᠬᠦᠨᠳᠡᠢ ᠶᠢ ᠡᠮᠡᠭᠡᠯ ᠤᠨ | ᠬᠤᠩᠬᠤ ᠭᠡᠵᠤ ᠨᠡᠷᠡᠯᠡᠨ᠎ᠡ᠃ | ᠡᠮᠡᠭᠡᠯ ᠤᠨ ᠬᠠᠪᠳᠡᠰᠦ ᠶᠢᠨ ᠳᠦᠷᠪᠡᠨ ᠦᠵᠦᠭᠦᠷ ᠤᠨ ᠬᠠᠪᠲᠠᠭᠠᠢ ᠶᠢ ᠨᠦᠬᠡᠯᠡᠵᠦ᠂ ᠵᠦᠭᠡᠯᠡᠨ ᠡᠯᠳᠡᠭᠰᠡᠨ | ᠨᠠᠷᠢᠨ ᠰᠤᠷ ᠢ ᠰᠦᠪᠡᠯᠡᠵᠦ ᠲᠤᠭᠲᠠᠭᠠᠭᠰᠠᠨ ᠤᠭᠤᠰᠤᠷ ᠢ ᠡᠮᠡᠭᠡᠯ ᠤᠨ ᠭᠠᠨᠵᠤᠭ᠎ᠠ ᠭᠡᠨ᠎ᠡ᠃ ᠭᠠᠨᠵᠤᠭ᠎ᠠ ᠶᠢ | 50cm — 60cm ᠤᠷᠲᠤ 0.5cm ᠦᠷᠭᠡᠨ᠂ 0.3cm ᠵᠤᠵᠠᠭᠠᠨ ᠰᠤᠷ ᠢᠶᠠᠷ ᠬᠢᠨ᠎ᠡ᠃ ᠭᠠᠨᠵᠤᠭ᠎ᠠ | ᠨᠢ ᠮᠤᠷᠢᠨ ᠤ ᠵᠢᠯᠤᠭᠤ ᠶᠢ ᠰᠦᠢᠬᠤ᠂ ᠴᠢᠳᠦᠷ᠂ ᠲᠤᠰᠢᠶᠡ᠂ ᠲᠠᠰᠢᠭᠤᠷ᠂ ᠠᠴᠢᠶ᠎ᠠ ᠪᠠᠷᠠᠭ᠎ᠠ ᠵᠡᠷᠭᠡ ᠢ ᠪᠠᠬᠢᠯᠡᠬᠦ᠂ | ᠳᠠᠷᠤᠭᠤᠯᠠᠬᠤ ᠳᠤ ᠵᠤᠬᠢᠷᠠᠭᠤᠯᠠᠭᠳᠠᠳᠠᠭ᠃ | ᠡᠮᠡᠭᠡᠯ ᠤᠨ ᠬᠠᠪᠲᠠᠰᠦ ᠶᠢᠨ ᠳᠦᠷᠪᠡᠨ ᠦᠵᠦᠭᠦᠷ ᠬᠠᠪᠢ ᠶᠢᠨ ᠴᠢᠮᠡᠭᠯᠡᠯ ᠢ ᠪᠠᠭᠠᠪᠤᠷ ᠭᠡᠨ᠎ᠡ᠃ ᠪᠠᠭᠠᠪᠤᠷ ᠶᠠᠮᠠᠷ | ᠴᠦ ᠬᠡᠯᠪᠡᠷᠢ ᠲᠠᠢ ᠪᠠᠶᠢᠵᠦ ᠪᠤᠯᠳᠠᠭ᠃ ᠪᠠᠭᠠᠪᠤᠷ ᠢᠶᠠᠷ ᠰᠠᠭᠠᠯᠳᠠᠷᠭᠠ ᠶᠢᠨ ᠪᠢᠬᠢᠯᠡᠭᠡ ᠶᠢ ᠳᠠᠯᠳᠠᠯᠠᠨ ᠳᠠᠷᠤᠭᠤᠯᠠᠨᠠ᠃ | | ᠡᠮᠡᠭᠡᠯ ᠤᠨ ᠮᠤᠳᠤᠨ ᠰᠠᠭᠤᠳᠡᠯ ᠢ ᠵᠦᠭᠡᠯᠡᠯᠡᠬᠦ ᠵᠤᠷᠢᠯᠭ᠎ᠠ ᠪᠠᠷ ᠬᠢᠭᠰᠡᠨ ᠨᠢᠮᠭᠡᠨ ᠡᠰᠡᠭᠡᠢ ᠪᠤᠯᠤᠨ ᠴᠡᠮᠪᠡᠨ ︵ | ᠪᠦᠳᠦᠭᠦᠯᠢᠭ ᠨᠢᠽᠧ︶ ᠵᠢᠭᠢᠷᠢᠭ ︵ᠬᠠᠮᠠᠭᠠᠯᠠᠬᠤ︶ ᠪᠦᠷᠬᠦᠭᠡᠰᠦ ᠶᠢ ᠤᠯᠤᠩᠴᠤᠭ ᠭᠡᠨ᠎ᠡ᠃ ᠤᠯᠤᠩᠴᠤᠭ ᠤᠨ | ᠤᠷᠲᠦ᠂ ᠦᠷᠭᠡᠨ ᠨᠢ ᠡᠮᠡᠭᠡᠯ ᠤᠨ ᠰᠠᠭᠤᠳᠡᠯ ᠮᠤᠳᠤᠨ ᠳᠤ ᠶᠠᠭ ᠲᠠᠭᠠᠷᠠᠭᠰᠠᠨ ᠪᠠᠶᠢᠬᠤ ᠱᠠᠭᠠᠷᠳᠠᠯᠭ᠎ᠠ ᠲᠠᠢ᠃ | ᠲᠡᠭᠦᠨ ᠢ ᠳᠦᠷᠪᠡᠨ ᠰᠢᠷᠬᠡᠭ ᠳᠠᠷᠤᠭᠤᠯᠠᠭᠠ ᠪᠤᠶᠤ ᠪᠠᠭᠠᠪᠤᠷ ᠶᠠᠰᠦ ᠮᠤᠳᠤᠨ ᠳᠤ ᠲᠤᠭᠲᠠᠭᠠᠨ᠎ᠠ᠃ ᠣᠯᠣᠩᠴᠤᠭ ᠶᠢ | ᠵᠤᠵᠠᠭᠠᠨ ᠬᠢᠪᠡᠯ ᠰᠠᠭᠤᠳᠡᠯ ᠨᠢ ᠪᠠᠭᠠᠰᠴᠦ᠂ ᠬᠦᠮᠦᠨ ᠴᠢᠯᠦᠭᠡᠲᠡᠢ ᠰᠠᠭᠤᠵᠦ ᠶᠠᠪᠤᠬᠤ ᠪᠤᠯᠤᠮᠵᠢ ᠦᠭᠡᠢ ᠪᠤᠯᠬᠤ | ᠲᠤᠯᠡ ᠡᠮᠡᠭᠡᠯ ᠳᠡᠭᠡᠨ ᠲᠤᠬᠢᠷᠠᠭᠤᠯᠵᠦ ᠬᠢᠬᠦ ᠨᠢ ᠴᠢᠬᠤᠯᠡ᠃ ᠤᠯᠤᠩᠴᠤᠭ ᠢ ᠳᠤᠲᠤ ᠦᠩᠭᠡ ᠶᠢᠨ᠂ ᠪᠠᠲᠦ | ᠮᠠᠲ᠋ᠧᠷᠢᠶᠡᠯ ᠢᠶᠠᠷ ᠬᠢᠨ᠎ᠡ᠃ | ᠳᠦᠷᠦᠭᠡᠨ ᠤ ᠰᠤᠷ᠂ ᠭᠠᠷᠬ᠎ᠠ᠂ ᠡᠮᠡᠭᠡᠯ ᠤᠨ ᠬᠠᠪᠢᠰᠦ ᠨᠢ ᠬᠦᠮᠦᠨ ᠤ ᠪᠡᠶ᠎ᠡ ᠶᠢ ᠬᠤᠯᠭᠤᠬᠤ᠂ ᠬᠤᠪᠴᠡᠰᠦ | ᠶᠢ ᠡᠯᠡᠭᠡᠬᠦ ᠠᠴᠠ ᠬᠠᠮᠠᠭᠠᠯᠠᠬᠤ ᠵᠤᠷᠢᠯᠭ᠎ᠠ ᠪᠠᠷ ᠬᠢᠭᠳᠡᠭᠰᠡᠨ ᠪᠦᠭᠡᠳ ᠡᠨᠡᠬᠦ ᠵᠢᠵᠢᠭ ᠭᠦᠯᠢᠮ ᠢ ᠡᠮᠡᠭᠡᠯ ᠤᠨ ᠳᠡᠪᠢᠰ | ᠭᠡᠨ᠎ᠡ᠃ ᠳᠡᠪᠢᠰ ᠢ ᠡᠮᠡᠭᠡᠯ ᠤᠨ ᠭᠦᠯᠢᠮ ᠤᠨ ᠠᠳᠠᠯᠢ ᠪᠤᠯᠭᠠᠷᠢ᠂ ᠬᠢᠪᠢᠰ᠂ ᠰᠢᠷᠢ᠂ ᠵᠤᠵᠠᠭᠠᠨ ᠳᠠᠪᠤᠤ ᠮᠠᠲ᠋ᠧᠷᠢᠶᠡᠯ | ᠢᠶᠠᠷ ᠭᠡᠭᠡᠯᠡᠵᠦ ︵ᠬᠡ — ᠯᠡᠵᠦ︶ ᠬᠢᠳᠡᠭ᠃ | ᠳᠡᠪᠢᠰ ᠨᠢ ᠡᠮᠡᠭᠡᠯ ᠲᠠᠯ᠎ᠠ ᠳᠠᠭᠠᠨ 12cm- 13cm᠂ ᠲᠦᠷᠦᠭᠡ ᠲᠠᠯ᠎ᠠ ᠳᠠᠭᠠᠨ 15cm ᠤᠷᠴᠢᠮ | ᠦᠷᠭᠡᠨ᠂ ᠬᠤᠶᠡᠷ ᠰᠢᠷᠭᠡᠭ ᠪᠠᠶᠢᠬᠤ ᠪᠦᠭᠡᠳ ᠲᠡᠭᠦᠨ ᠢ ᠡᠮᠡᠭᠡᠯ ᠤᠨ ᠮᠤᠳᠤᠨ ᠳᠡᠭᠡᠷ᠎ᠡ᠂ ᠤᠯᠤᠩᠴᠤᠭ ᠤᠨ ᠳᠤᠤᠷ᠎ᠡ | ᠪᠦᠭᠳᠤᠷᠭᠡᠨ ᠲᠠᠯᠪᠢᠵᠦ ᠬᠠᠳᠡᠵᠦ ᠲᠤᠭᠲᠠᠭᠠᠨ᠎ᠠ᠃ | ᠮᠤᠷᠢᠨ ᠤ ᠭᠡᠳᠡᠰᠦ ᠶᠢ ᠳᠦᠷᠦᠭᠡᠨ ᠤ ᠰᠤᠷ᠂ ᠳᠦᠷᠦᠭᠡ ᠬᠤᠯᠭᠤᠬᠤ᠂ ᠮᠤᠷᠢ ᠤᠨᠤᠭᠠᠴᠢ ᠶᠢᠨ ᠭᠤᠳᠤᠯ ᠢ | ᠮᠤᠷᠢᠨ ᠤ ᠬᠦᠯᠦᠰᠦᠨ ᠠᠴᠠ ᠬᠠᠮᠠᠭᠠᠯᠠᠬᠤ ᠵᠤᠷᠢᠭᠤᠯᠠᠯᠲᠡ ᠲᠠᠢ ᠲᠤᠮᠦ ᠬᠡᠮᠵᠢᠶ᠎ᠡ ᠲᠠᠢ ᠪᠤᠯᠭᠠᠷᠢ᠂ ᠬᠢᠪᠢᠰ᠂ ᠰᠢᠷᠢ | ᠵᠡᠷᠭᠡ ᠡᠳ᠋᠊ ᠢᠶᠠᠷ ᠬᠢᠭᠰᠡᠨ ᠬᠠᠯᠬᠠᠪᠴᠢ ᠶᠢ ᠭᠦᠯᠢᠮ ᠭᠡᠨ᠎ᠡ᠃ ᠭᠦᠯᠢᠮ ᠨᠢ 60cm -70cm ᠤᠷᠲᠤ᠂ ᠳᠡᠭᠡᠳᠦ | ᠲᠠᠯ᠎ᠠ ᠢᠶᠠᠷ ᠢᠶᠠᠨ 40cm᠂ ᠳᠤᠤᠷᠳᠤ ᠲᠠᠯ᠎ᠠ ᠢᠶᠠᠷ ᠢᠶᠠᠨ 30cm ᠦᠷᠭᠡᠨ ᠪᠠᠶᠢᠳᠠᠭ᠃ | ᠮᠤᠬᠤᠭᠤ ᠦᠨᠴᠦᠭ ᠲᠠᠢ᠂ ᠳᠦᠷᠪᠡᠯᠵᠢᠨ ᠬᠡᠯᠪᠡᠷᠢ ᠲᠠᠢ᠂ ᠳᠦᠷᠪᠡᠨ ᠲᠠᠯ᠎ᠠ ᠶᠢᠨ ᠭᠤᠤᠯ ᠢᠶᠠᠷ ᠨᠢ | ᠬᠤᠲᠤᠭᠤᠷ ᠡᠰᠭᠡᠵᠦ ᠪᠢᠳᠡᠭᠦᠦ ᠤᠶᠤᠭᠠᠳ᠂ ᠳᠤᠤᠷᠳᠦ ᠬᠡᠰᠡᠭ ᠲᠤ ᠨᠢ ᠠᠮᠠ ᠭᠠᠷᠭᠠᠨ ᠳᠤᠲᠤᠷ᠎ᠡ ᠨᠢ ᠡᠰᠡᠬᠡᠢ᠂ | ᠤᠩᠭᠠᠰᠦ ᠬᠢᠵᠦ ᠦᠭᠭᠦᠰᠡᠨ ᠵᠦᠭᠡᠯᠡᠪᠴᠢ ᠶᠢ ᠮᠠᠶᠤᠤᠵᠡ ᠭᠡᠨ᠎ᠡ᠃ ᠡᠭᠦᠨ ᠢ ᠡᠮᠡᠭᠡᠯ ᠤᠨ ᠰᠠᠭᠤᠳᠡᠯ ᠳᠤ | ᠤᠯᠤᠩᠴᠤᠭ ᠳᠡᠭᠡᠷ᠎ᠡ ᠲᠠᠯᠪᠢᠵᠦ ᠭᠤᠤᠯ ᠢᠶᠠᠷ ᠨᠢ ᠬᠠᠪᠳᠠᠰᠦ ᠮᠤᠳᠤ ᠲᠠᠢ ᠪᠠᠬᠢᠯᠡᠨ ᠲᠤᠭᠲᠠᠭᠠᠨ᠎ᠠ᠃ | ᠮᠤᠷᠢᠨ ᠤ ᠭᠡᠳᠡᠰᠦᠨ ᠳᠤᠤᠭᠤᠷ ᠤᠷᠤᠭᠤᠯᠠᠨ᠂ ᠵᠦᠪ ᠲᠠᠯ᠎ᠠ ᠶᠢᠨ ᠵᠢᠷᠢᠮ ᠳᠤ ᠭᠤᠬᠢᠯᠠᠨ ᠬᠢᠵᠦ᠂ ᠡᠮᠡᠭᠡᠯ | ᠲᠤᠭᠲᠠᠭᠠᠬᠤ ᠬᠤᠰᠢᠯᠠᠩ ︵ᠵᠦᠪ ᠪᠤᠷᠤᠭᠤ ᠪᠠᠷ ᠨᠡᠶᠢᠲᠡᠭᠡᠵᠦ ᠲᠠᠮᠤᠭᠠᠳ ᠵᠡᠷᠭᠡᠴᠡᠭᠦᠯᠦᠨ ᠨᠡᠶᠢᠯᠡᠭᠦᠯᠵᠦ ᠤᠶᠤᠭᠰᠠᠨ | ᠤᠭᠤᠰᠤᠷ︶ ᠤᠭᠤᠰᠤᠷ ᠢ ᠤᠯᠤᠮ ︵ᠤᠯᠤᠩ︶ ᠭᠡᠨ᠎ᠡ᠃ ᠶᠡᠬᠡᠪᠴᠢᠯᠡᠨ ᠬᠢᠯᠭᠠᠰᠦ ᠪᠠᠷ ᠲᠠᠮᠦᠵᠦ᠂ ᠰᠦᠯᠵᠢᠵᠦ | ᠬᠢᠨ᠎ᠡ᠃ ᠡᠮᠡᠭᠡᠯ ᠤᠨ ᠤᠯᠤᠮ ᠢ ᠭᠤᠭᠴᠤᠭᠠᠨ ᠳᠤ ᠨᠢ ᠤᠷᠤᠭᠤᠯᠠᠵᠦ ᠴᠢᠩᠭᠠᠯᠠᠳᠠᠭ ᠭᠦᠷᠦᠮᠡᠯ ᠰᠤᠷ ᠢ ᠵᠢᠷᠢᠮ | ᠭᠡᠨ᠎ᠡ᠃ ᠨᠠᠷᠢᠨ ᠰᠤᠷ ᠢ ᠳᠦᠷᠪᠡ ᠢᠶᠠᠷ ᠰᠦᠯᠵᠢᠵᠦ ᠬᠢᠳᠡᠭ᠃ ᠡᠮᠦᠨ᠎ᠡ ᠪᠡ ᠬᠤᠶᠢᠳᠦ ᠵᠢᠷᠢᠮ ᠭᠡᠵᠤ ᠪᠤᠢ᠃ | ᠡᠮᠦᠨ᠎ᠡ ᠵᠢᠷᠢᠮ ᠨᠢ 40cm᠂ ᠬᠤᠶᠢᠳᠦ ᠵᠢᠷᠢᠮ ᠨᠢ 50cm ᠤᠷᠴᠢᠮ ᠤᠷᠳᠦ ᠪᠠᠶᠢᠨ᠎ᠠ᠃ ᠤᠯᠤᠮ᠂ ᠵᠢᠷᠢᠮ | ᠨᠢ ᠮᠤᠷᠢᠨ ᠤ ᠭᠡᠳᠡᠰᠦ ᠬᠡᠪᠡᠯᠢ ᠶᠢ ᠬᠤᠯᠭᠤᠬᠤ ᠦᠭᠡᠢ ᠪᠠᠷ ᠤᠪᠤᠭᠤᠷ ᠳᠤᠪᠤᠭᠤᠷ ᠦᠭᠡᠢ᠂ ᠦ ᠰᠡᠪ ᠦᠭᠡᠢ᠂ | ᠵᠢᠭᠳᠡ ᠪᠠᠶᠢᠬᠤ ᠱᠠᠭᠠᠷᠳᠠᠯᠭ᠎ᠠ ᠲᠠᠢ᠃ ᠦᠭᠡᠢ ᠪᠤᠯ ᠮᠤᠷᠢᠨ ᠤ ᠭᠡᠳᠡᠰᠦ᠂ ᠬᠡᠪᠡᠯᠢ ᠬᠤᠯᠭᠤᠭᠳᠡᠵᠦ ᠤᠯᠤᠶᠢᠷᠳᠤᠨᠠ ︵ | ᠮᠤᠷᠢᠨ ᠤ ᠭᠡᠳᠡᠰᠦ ᠣᠯᠣᠩ ᠳᠤ ᠬᠤᠯᠭᠤᠭᠳᠠᠬᠤ︶᠃ ᠡᠮᠡᠭᠡᠯ ᠤᠨ ᠳᠠᠷᠤᠯᠳᠡ ᠶᠢ ᠪᠠᠭᠤᠷᠠᠭᠤᠯᠬᠤ᠂ ᠵᠦᠭᠡᠯᠡᠯᠬᠤ | ᠵᠤᠷᠢᠭᠤᠯᠠᠯᠳᠡ ᠲᠠᠢ ᠡᠰᠡᠭᠡᠢ ᠬᠡᠷᠡᠭᠯᠡᠯ ᠢ ᠲᠤᠬᠤᠮ ᠭᠡᠨ᠎ᠡ᠃ ᠮᠤᠷᠢᠨ ᠤ ᠨᠢᠷᠤᠭᠤ ᠶᠢ ᠬᠤᠯᠭᠤᠬᠤ ᠠᠴᠠ ᠰᠡᠷᠭᠡᠶᠢᠯᠡᠨ | ᠬᠡᠷᠡᠭᠯᠡᠳᠡᠭ᠃ | ᠮᠤᠷᠢ ᠮᠠᠯ ᠳᠤ ᠮᠤᠷᠢᠳᠠᠬᠤ᠂ ᠤᠨᠤᠵᠦ ᠶᠠᠪᠤᠬᠤ ᠳᠤ ᠬᠦᠯ ᠢᠶᠠᠨ ᠲᠠᠯᠪᠢᠬᠤ ᠵᠤᠷᠢᠭᠤᠯᠠᠯᠲᠡ ᠲᠠᠢ ᠡᠮᠡᠭᠡᠯ᠂ | ᠲᠤᠬᠤᠰᠢ ᠶᠢᠨ ᠨᠢᠭᠡᠨ ᠡᠳᠡᠯᠡᠯ ᠢ ᠳᠦᠷᠦᠭᠡ ᠭᠡᠨ᠎ᠡ᠃ ᠡᠭᠦᠨ ᠢ ᠤᠯᠤᠮ ᠲᠠᠢ ᠰᠤᠷ ᠢᠶᠠᠷ ᠡᠮᠡᠭᠡᠯ ᠳᠡᠭᠡᠨ ᠪᠠᠬᠢᠯᠡᠨ᠎ᠡ᠃ | ᠤᠯᠤᠮ ᠢ ᠠᠰᠢᠭᠯᠠᠨ ᠳᠦᠷᠦᠭᠡ ᠶᠢ ᠤᠷᠳᠦ᠂ ᠪᠤᠭᠤᠨᠢ ᠪᠤᠯᠭᠠᠵᠦ ᠪᠤᠯᠤᠨ᠎ᠠ᠃ | ᠡᠮᠡᠭᠡᠯ ᠤᠨ ᠤᠯᠤᠩᠴᠤᠭ ᠢ ᠲᠤᠭᠲᠠᠭᠠᠬᠤ ᠲᠤᠪᠴᠢᠨ ᠲᠤᠨᠤᠭ ᠢ ᠡᠮᠡᠭᠡᠯ ᠤᠨ ᠳᠠᠷᠤᠯᠠᠭᠠ ᠭᠡᠨ᠎ᠡ᠃ ᠡᠮᠡᠭᠡᠯ | ᠤᠨ ᠪᠦᠭᠦᠷᠭᠡ᠂ ᠬᠠᠪᠲᠠᠰᠦ ᠶᠢᠨ ᠳᠤᠮᠳᠡ ᠪᠠᠶᠢᠯᠭᠠᠬᠤ ᠵᠢᠵᠢᠭ ᠳᠦᠷᠪᠡᠯᠵᠢᠨ ᠮᠤᠳᠤ ᠶᠢ ᠡᠮᠡᠭᠡᠯ ᠤᠨ ᠵᠢᠭᠠᠰᠦ ᠭᠡᠨ᠎ᠡ᠃ | | ᠡᠮᠡᠭᠡᠯ ᠤᠨ ᠬᠤᠶᠡᠷ ᠪᠦᠭᠦᠷᠭᠡ ᠶᠢᠨ ᠳᠤᠮᠳᠡ ᠲᠠᠯ᠎ᠠ ᠶᠢᠨ ᠬᠦᠮᠦᠨ ᠰᠠᠭᠤᠬᠤ ᠭᠡᠰᠡᠭ ᠢ ᠡᠮᠡᠭᠡᠯ ᠤᠨ ᠰᠠᠭᠤᠳᠡᠯ | ᠭᠡᠨ᠎ᠡ᠃ | ᠬᠡᠷᠡᠭᠯᠡᠭᠡ᠄ ᠮᠤᠷᠢ ᠶᠢ ᠤᠨᠤᠯᠭ᠎ᠠ᠂ ᠡᠳᠡᠯᠡᠯᠭᠡᠨ ᠳᠤ ᠠᠰᠢᠭᠯᠠᠬᠤ ᠳᠤ ᠬᠡᠷᠡᠭᠯᠡᠳᠡᠭ ᠴᠢᠬᠤᠯᠡ ᠬᠡᠷᠡᠭᠯᠡᠯ ᠤᠨ | ᠨᠢᠭᠡ ᠪᠤᠯ ᠡᠮᠡᠭᠡᠯ ᠶᠤᠮ᠃ | ᠶᠤᠰᠦ ᠵᠠᠩᠰᠢᠯ᠄ ᠮᠤᠩᠭᠤᠯᠴᠤᠳ ᠡᠮᠡᠭᠡᠯ ᠤᠨ ᠬᠤᠩᠬᠤ ᠶᠢ ᠳᠡᠭᠡᠭᠰᠢ ᠬᠠᠷᠠᠭᠤᠯᠵᠦ ᠲᠠᠯᠪᠢᠬᠤ ᠶᠢ ᠲᠡᠳᠦᠶᠢᠯᠡᠨ | ᠲᠠᠭᠠᠯᠠᠳᠠᠭ ᠦᠭᠡᠢ᠃ ᠬᠤᠶᠢᠲᠦ ᠪᠦᠭᠦᠷᠭᠡ ᠳᠡᠭᠡᠷ᠎ᠡ ᠨᠢ ᠪᠤᠰᠬᠠᠵᠦ ᠲᠠᠯᠪᠢᠬᠤ ᠶᠤᠮ ᠤᠤ ᠳᠤᠭᠤᠭᠰᠢ ᠬᠠᠷᠠᠭᠤᠯᠠᠨ | ᠭᠦᠯᠢᠮ ᠶᠢ ᠳᠡᠭᠡᠷ᠎ᠡ ᠨᠢ ᠲᠤᠬᠤᠨ ᠡᠪᠬᠢᠵᠦ ᠲᠠᠯᠪᠢᠳᠠᠭ᠃ ᠡᠮᠡᠭᠡᠯ ᠳᠡᠷᠡᠯᠡᠵᠦ ᠤᠨᠳᠠᠬᠤ ᠶᠢ ᠴᠡᠭᠡᠷᠯᠡᠨ᠎ᠡ᠃ | ᠵᠦᠷᠢᠴᠡᠪᠡᠯ ᠶᠢᠰᠦᠨ ᠶᠢᠰᠦ ᠨᠠᠶᠠᠨ ᠨᠢᠭᠡᠨ ᠮᠠᠭᠤ ᠢᠷᠸ᠎ᠠ ᠳᠤ ᠤᠨᠠᠨ᠎ᠠ ᠭᠡᠳᠡᠭ᠃ ᠰᠢᠨ᠎ᠡ ᠡᠮᠡᠭᠡᠯ ᠢ ᠮᠤᠷᠢᠨ ᠳᠤ | ᠠᠩᠬ᠎ᠠ ᠲᠤᠬᠤᠬᠤ ᠳᠤ ᠡᠴᠢᠭᠡ ᠬᠦᠮᠦᠨ ᠶᠤᠮ ᠤᠤ ᠠᠬᠠᠮᠠᠳ ᠬᠦᠮᠦᠨ ᠡᠬᠢᠯᠡᠵᠦ ᠰᠠᠭᠤᠳᠠᠭ᠃ ᠮᠤᠷᠢ ᠪᠠᠨ | ᠡᠮᠡᠭᠡᠯᠯᠡᠴᠢᠭᠡᠳ ᠤᠨᠤᠯᠭᠦᠢ ᠪᠠᠷ ᠡᠮᠡᠭᠡᠯ ᠢᠶᠠᠨ ᠠᠪᠬᠤ ᠶᠢ ᠴᠡᠭᠡᠷᠯᠡᠨ᠎ᠡ᠃ ᠵᠦᠷᠢᠴᠡᠪᠡᠯ ᠤᠨᠤᠭ᠎ᠠ ᠡᠵᠡᠭᠦᠶᠢᠷᠡᠬᠦ ᠶᠢ | ᠶᠤᠷᠤᠯᠠᠪᠠ ︵ᠢᠷᠸ᠎ᠠ — ᠯᠠᠪᠠ︶ ᠬᠡᠮᠡᠳᠡᠭ ᠲᠤᠯᠡ ᠵᠠᠪᠠᠯ ᠮᠤᠷᠢᠳᠡᠵᠦ ᠶᠤᠰᠦ ᠬᠢᠭᠰᠡᠨ ᠳᠠᠷᠠᠭ᠎ᠠ ᠡᠮᠡᠭᠡᠯ ᠢᠶᠠᠨ ᠠᠪᠳᠠᠭ | ᠵᠠᠩᠰᠢᠯ ᠲᠠᠢ᠃ | ᠰᠢᠨ᠎ᠡ ᠡᠮᠡᠭᠡᠯ ᠲᠠᠭᠠᠷᠠᠭᠤᠯᠠᠨ ᠲᠤᠬᠤᠬᠤ ᠦᠶ᠎ᠡ ᠳᠤ᠄ | ︿︿ᠬᠤᠩᠬᠤᠷ ᠳᠦᠭᠦᠷᠡᠩ ᠮᠤᠷᠢ ᠲᠠᠢ | ᠬᠤᠲᠡ ᠳᠦᠭᠦᠷᠡᠩ ᠮᠠᠯ ᠲᠠᠢ | ᠦᠷᠦᠭᠡ ᠳᠦᠭᠦᠷᠡᠭᠡᠳ | ᠦᠷᠢᠶ᠎ᠡ ᠪᠠᠨ ᠬᠦᠲᠦᠯᠡᠭᠡᠳ ᠶᠠᠪᠤᠭᠠᠷᠡᠢ﹀﹀ ᠬᠡᠮᠡᠨ ᠢᠷᠦᠭᠡᠳᠡᠭ᠃ | ᠭᠠᠵᠡᠷ ᠲᠤ ᠲᠠᠯᠪᠢᠭᠰᠠᠨ ᠡᠮᠡᠭᠡᠯ ᠵᠠᠶᠢᠳᠠᠯᠳᠠᠭ ᠦᠭᠡᠢ᠃ ᠮᠠᠭᠤ ᠢᠷᠸ᠎ᠠ ᠭᠡᠵᠤ ᠴᠡᠭᠡᠷᠯᠡᠳᠡᠭ᠃ | | — ᠳᠡᠷᠡᠰᠦ ︿︿ᠦᠷᠯᠦᠭᠡ﹀﹀ ᠰᠦᠯᠵᠢᠶᠡᠨ ᠠᠴᠠ ᠬᠦᠷᠪᠡᠭᠦᠯᠪᠡ | |