ᠮᠤᠩᠭᠤᠯᠴᠤᠳ ᠤᠪᠤᠭ᠎ᠠ ᠶᠠᠭᠠᠭᠢᠭᠡᠳ ᠲᠠᠬᠢᠳᠠᠭ ᠪᠤᠢ︖
ᠨᠡᠶᠢᠲᠡᠯᠡᠭᠰᠡᠨ ᠴᠠᠭ᠄
2016/9/6
     ᠢᠳᠡᠭᠡᠵᠦ ᠲᠡᠭᠦᠨ ᠳᠡᠭᠡᠨ ᠪᠦᠬᠦᠨ ᠢᠶᠠᠨ ᠲᠠᠭᠠᠳᠬᠠᠵᠦ ᠨᠠᠷᠡᠨ ᠤᠷᠭᠤᠬᠤ ᠵᠦᠭ ᠠᠴᠠ ᠨᠡᠷᠡᠨ ᠰᠢᠩᠭᠡᠬᠦ ᠭᠠᠵᠡᠷ ᠬᠦᠷᠳᠡᠯ᠎ᠡ ᠡᠯᠢᠭᠡ ᠪᠠᠷ ᠢᠶᠠᠨ ᠡᠩᠬᠡ ᠠᠮᠦᠭᠤᠯᠠᠩ᠂ ᠲᠦᠷᠦᠯ ᠢᠶᠠᠷ ᠢᠶᠠᠨ ᠲᠦᠮᠡᠨ ᠵᠢᠷᠭᠠᠯ ᠲᠠᠢ ᠬᠠᠮᠲᠦᠷᠡᠨ ᠠᠮᠢᠳᠦᠷᠡᠬᠤ ᠶᠢᠨ ᠲᠦᠯᠦᠭᠡ ᠤᠯᠵᠠᠯᠠᠯᠳᠦᠨ ᠪᠤᠯᠢᠶᠠᠯᠳᠤᠪᠡ᠃ ᠨᠤᠳᠤᠭ ᠳᠤᠪᠦ ᠪᠠᠷ ᠢᠶᠠᠨ ᠠᠩᠭᠢᠯᠠᠭᠳᠡᠨ ᠠᠷᠪᠡ ᠠᠷᠪᠡ ᠪᠠᠷ ᠢᠶᠠᠨ ᠬᠤᠪᠢᠶᠠᠭᠳᠡᠵᠦ ᠦᠴᠦᠬᠡᠨ ᠵᠢᠭᠠᠬᠠᠨ ᠴᠢᠯᠠᠭᠤ ᠶᠢ ᠡᠪᠦᠷ ᠲᠡᠭᠡᠨ ᠬᠢᠵᠦ ᠨᠤᠳᠤᠭ ᠢᠶᠠᠨ ᠪᠡᠯᠭᠡᠳᠡᠭᠡᠳ ᠪᠡᠯ ᠤᠨ ᠴᠢᠯᠠᠭᠤᠨ ᠠᠴᠠ ᠠᠭᠤᠯᠡ ᠶᠢᠨ ᠢᠶᠠᠨ ᠤᠷᠦᠢ ᠳᠤ ᠲᠡᠷᠡᠯᠡᠭᠦᠯᠦᠨ ᠦᠯᠡᠳᠡᠭᠡᠵᠦ ᠡᠷᠭᠢᠯᠳᠡ ᠪᠤᠴᠡᠯᠳᠡ ᠦᠭᠡᠢ ᠳᠠᠶᠢᠨ ᠳᠤ ᠤᠷᠤᠪᠡ᠃ ᠮᠤᠩᠭᠤᠯᠴᠤᠳ ᠤᠨ ᠳᠠᠶᠢᠨ ᠤ ᠲᠠᠯᠠᠪᠦᠷ ᠲᠤ ᠨᠢᠭᠡ ᠶᠢ ᠪᠠᠨ ᠦᠷᠡᠭᠳᠡᠬᠦ  ᠳᠤ ᠪᠡᠶ᠎ᠡ ᠶᠢ ᠨᠢ ᠬᠠᠶᠢᠯᠠᠭᠤᠯᠠᠨ ᠴᠢᠨᠳᠡᠷᠯᠡᠵᠦ ᠰᠦᠨᠡᠰᠦ ᠶᠢ ᠨᠢ ᠲᠡᠭᠷᠢ ᠲᠤ ᠢᠯᠡᠭᠡᠭᠡᠳ᠂ ᠦᠯᠡᠳᠡᠭᠰᠡᠨ ᠨᠦᠬᠦᠳ  ᠨᠢ ᠦᠨᠦᠷ ᠰᠢᠩᠭᠡᠭᠰᠡᠨ ᠨᠤᠳᠤᠭ ᠤᠨ ᠵᠢᠭᠠᠬᠠᠨ ᠴᠢᠯᠠᠭᠤ ᠶᠢ ᠦᠪᠦᠷ ᠠᠴᠠ ᠨᠢ ᠠᠪᠴᠤ ᠭᠠᠨᠵᠤᠭᠯᠡᠨ ᠢᠳᠡᠭᠡᠯᠲᠦ ᠨᠦᠬᠦᠷ ᠤᠨ ᠬᠤᠪᠢ ᠳᠤ ᠨᠤᠳᠤᠭ ᠲᠠᠭᠠᠨ ᠢᠷᠡᠵᠦ ᠲᠡᠭᠷᠢ ᠲᠡᠭᠡᠨ ᠵᠠᠯᠠᠳᠠᠭ᠂ ᠦᠪᠡᠷᠰᠡᠳ ᠤᠨ ᠳᠡᠷᠡᠯᠡᠭᠦᠯᠡᠵᠦ ᠤᠷᠭᠢᠭᠰᠡᠨ ᠴᠢᠯᠠᠭᠤ ᠪᠠᠨ ᠪᠠᠭᠤᠯᠭᠠᠬᠤ ᠳᠤ ᠤᠪᠤᠶᠢᠵᠦ ᠬᠤᠴᠤᠷᠠᠭᠰᠠᠨ ᠴᠢᠯᠠᠭᠤ ᠪᠦᠬᠦᠨ᠂ ᠪᠢᠳᠡᠨ ᠤ ᠲᠠᠶᠢᠴᠢᠨ ᠪᠠᠭᠠᠲᠦᠷ ᠡᠪᠦᠭᠡ ᠳᠡᠭᠡᠳᠦᠰ ᠤᠨ ᠭᠡᠷᠡᠯᠲᠦ ᠬᠦᠰᠢᠶ᠎ᠡ᠂ ᠠᠷᠢᠭᠤᠨ ᠰᠦᠨᠡᠰᠦ ᠶᠢᠨ ᠤᠷᠤᠨ ᠪᠤᠯᠤᠨ ᠪᠤᠰᠴᠤ ᠪᠠᠶᠢᠯ᠎ᠠ᠃             ᠠᠮᠠᠷᠠᠭ ᠬᠠᠨᠢ ᠪᠠᠨ ᠳᠠᠶᠢᠨ ᠳᠤ ᠦᠳᠡᠭᠰᠡᠨ ᠪᠡᠯᠪᠡᠰᠦᠨ ᠡᠬᠡᠨᠡᠷ ᠤᠳ᠂ ᠠᠪᠦ᠂ ᠠᠬ᠎ᠠ᠂ ᠲᠡᠭᠦᠦ ᠪᠠᠨ ᠠᠯᠳᠡᠨ ᠦᠨᠦᠴᠡᠷᠡᠭᠰᠡᠨ ᠦᠷᠡᠰ ᠵᠤᠪᠡᠯᠡᠩ ᠵᠢᠷᠭᠠᠯᠡᠩ ᠢᠶᠠᠨ ᠬᠡᠨ ᠲᠠᠢ ᠴᠦ ᠬᠤᠪᠢᠶᠠᠯᠴᠢᠯᠠᠬᠤ ᠪᠢᠯᠡ᠃ ᠡᠨᠡ ᠪᠦᠬᠦᠨ ᠤ ᠪᠠᠨ ᠲᠤᠬᠠᠢ ᠠᠭᠤᠯᠡᠨ ᠳᠠᠭᠠᠨ ᠭᠠᠷᠴᠤ ᠤᠪᠤᠭᠠᠨ ᠲᠠᠭᠠᠨ ᠢᠷᠡᠭᠡᠳ ᠳᠡᠳᠡᠭᠡᠷ ᠲᠡᠭᠡᠨ ᠬᠡᠯᠡᠵᠦ ᠶᠠᠷᠢᠯᠴᠠᠳᠠᠭ ᠪᠤᠯᠵᠡᠢ᠃ ᠪᠠᠭᠠᠲᠦᠷ ᠡᠪᠦᠭᠡ ᠳᠡᠭᠡᠳᠦᠰ ᠤᠨ ᠮᠢᠨᠢ ᠠᠷᠢᠭᠤᠨ ᠰᠦᠨᠡᠰᠦ ᠶᠢᠨ ᠤᠷᠤᠨ ᠪᠤᠯᠤᠭᠰᠡᠨ ᠤᠪᠤᠭᠠᠨ ᠳᠤ ᠪᠤᠷᠬᠠᠨ ᠪᠤᠯᠭᠠᠵᠦ ᠲᠠᠭᠢᠭᠰᠡᠨ ᠲᠦᠪᠡᠳ ᠲᠠᠩᠭᠤᠳ ᠬᠠᠭᠠᠨ ᠤ ᠲᠦᠷᠡᠰᠦ ᠪᠠᠷᠢᠮᠡᠯ᠂ ᠯᠠᠮ᠎ᠠ ᠶᠢᠨ ᠱᠠᠰᠢᠨ ᠤ ᠲᠤᠭ ᠲᠠᠷᠴᠠᠭ ᠬᠡᠷᠡᠭ ᠦᠭᠡᠢ᠃ ᠮᠦᠩᠬᠡ ᠲᠡᠭᠷᠢ ᠶᠢᠨ ᠤᠷᠤᠨ ᠠᠴᠠ ᠠᠪᠦ ᠡᠵᠢ ᠶᠢᠨ ᠮᠢᠨᠢ ᠭᠡᠭᠡᠨ ᠲᠡᠭᠷᠢ ᠨᠤᠳᠤᠭ ᠤᠨ ᠢᠶᠠᠨ ᠠᠭᠤᠯᠡᠨ ᠤ ᠴᠡᠪᠡᠷ ᠠᠷᠢᠭᠤᠨ ᠤᠪᠤᠭᠠᠨ ᠳᠡᠭᠡᠷ᠎ᠡ ᠢᠷᠡᠵᠦ ᠦᠷ᠎ᠡ ᠠᠴᠢ ᠪᠢᠳᠡᠨ ᠢ ᠪᠠᠨ ᠨᠢᠩᠵᠢᠨ ᠰᠡᠳᠭᠡᠯ ᠢᠶᠠᠷ ᠬᠠᠶᠢᠷᠡᠯᠡᠨ ᠬᠠᠷᠡᠵᠦ ᠪᠢᠳᠡᠨ ᠢ ᠪᠠᠨ ᠬᠠᠮᠠᠭᠠᠯᠵᠦ ᠰᠠᠭᠤᠭ ᠳ᠋ᠡ᠃             ᠯᠠᠮ᠎ᠠ ᠶᠢᠨ ᠱᠠᠰᠢᠨ ᠳᠤ ᠢᠳᠡᠭᠡᠭᠰᠡᠨ ᠮᠤᠩᠭᠤᠯᠴᠤᠳ ᠴᠠᠭᠠᠨ ᠰᠠᠷ᠎ᠡ ᠶᠢᠨ ᠦᠷᠯᠦᠭᠡ ᠵᠠᠮ ᠮᠦᠷ ᠢᠶᠠᠨ ᠭᠠᠷᠭᠠᠨ᠎ᠡ ᠭᠡᠵᠦ ᠠᠭᠤᠯᠡᠨ ᠤ ᠤᠷᠦᠢ ᠪᠠᠷ ᠢᠮᠠᠭ᠎ᠠ ᠰᠢᠭ᠋ ᠠᠰᠡᠨ ᠬᠡᠷᠦᠵᠦ ᠴᠠᠭᠠᠰᠦ ᠰᠢᠳᠠᠭᠠᠵᠦ᠂ ᠮᠤᠳᠦ ᠬᠤᠭᠤᠴᠢᠨ ᠦᠪᠡᠷ ᠤᠨ ᠮᠡᠳᠡᠬᠦ ᠦᠭᠡᠢ ᠦᠭᠡ ᠪᠠᠷ ᠲᠠᠷᠨᠢ ᠤᠩᠰᠢᠨ ᠭᠦᠶᠦᠯᠳᠦᠬᠦ ᠨᠢ ᠠᠷᠢᠭᠤᠨ ᠲᠡᠭᠷᠢ ᠠᠴᠠ ᠵᠢᠭᠰᠢᠭᠦᠯᠦᠨ ᠬᠦᠭᠯᠡᠵᠦ ᠪᠠᠶᠢᠭ᠎ᠠ ᠲᠤᠶᠢᠯ ᠤᠨ ᠪᠤᠵᠡᠷ ᠦᠢᠯᠡᠳᠦᠯ ᠪᠢᠯᠡ᠃ ᠡᠨᠡ ᠦᠶ᠎ᠡ ᠳᠤ ᠲᠡᠭᠷᠢ ᠤᠳ ᠪᠢᠳᠡᠨ ᠤ ᠳᠡᠭᠡᠷ᠎ᠡ ᠠᠴᠠ ᠬᠠᠷᠠᠪᠡᠯ ᠬᠡᠳᠦᠨ ᠭᠠᠵᠢᠭ ᠬᠦᠮᠦᠰ ᠪᠠᠴᠢᠭᠤᠷᠠᠭᠠᠳ ᠰᠤᠯᠢᠶᠡᠲᠡᠢ ᠶᠠᠷᠢᠭᠠᠳ ᠭᠦᠶᠦᠯᠳᠦᠵᠦ ᠪᠠᠶᠢᠭ᠎ᠠ ᠮᠡᠲᠦ ᠰᠠᠨᠠᠭᠳᠠᠬᠤ ᠨᠢ ᠳᠠᠮᠵᠢᠭ ᠦᠭᠡᠢ᠃ ᠲᠡᠭᠷᠢ ᠪᠢᠳᠡᠨ ᠢ ᠪᠦᠳᠦᠭᠡᠭᠰᠡᠨ ᠪᠤᠯᠬᠤᠷ ᠪᠢᠳᠡᠨ ᠤ ᠪᠦᠬᠦᠶᠢᠯᠡ ᠬᠡᠯᠡ ᠶᠢ ᠪᠦᠳᠦᠭᠡᠭᠴᠢ ᠶᠢᠨ ᠬᠤᠪᠢ ᠳᠤ ᠮᠡᠳᠡᠵᠦ ᠪᠠᠶᠢᠭ᠎ᠠ᠃ ᠲᠡᠭᠷᠢ ᠲᠡᠭᠡᠨ ᠲᠠᠩᠭᠤᠳ ᠢᠶᠠᠷ ᠬᠡᠯᠡᠨ᠎ᠡ ᠤᠤ᠂ ᠮᠤᠩᠭᠤᠯ ᠢᠶᠠᠷ ᠶᠠᠷᠢᠨ᠎ᠡ ᠤᠤ ᠢᠯᠭᠠᠭ᠎ᠠ ᠦᠭᠡᠢ ᠪᠤᠯᠪᠡᠴᠤ ᠲᠠᠨ ᠤ ᠴᠢᠩ ᠦᠨᠡᠨ ᠰᠡᠳᠭᠡᠯ ᠢ ᠬᠠᠷᠠᠳᠠᠭ ᠭᠡᠳᠡᠭ᠃ ᠤᠭ ᠶᠤᠰᠦ ᠨᠢ ᠲᠡᠭᠷᠢ ᠤᠳ ᠠᠭᠤᠯᠡᠨ ᠤ ᠤᠷᠦᠢ ᠳᠤ ᠪᠠᠶᠢᠬᠤ ᠠᠷᠢᠭᠤᠨ ᠤᠷᠤᠨ ᠤᠪᠤᠭᠠᠨ ᠳᠡᠭᠡᠷ᠎ᠡ ᠰᠠᠭᠠᠳᠳᠠᠭ ᠨᠠᠰᠦ ᠨᠠᠰᠦᠨ ᠤ ᠡᠷᠡᠮᠪᠡ ︵ᠳᠡᠰ ᠳᠠᠷᠠᠭ᠎ᠠ︶ ᠪᠠᠷ ᠪᠡᠶ᠎ᠡ ᠪᠡᠶᠡᠨ ᠢᠶᠠᠨ ᠬᠦᠨᠳᠦᠯᠡᠵᠦ᠂ ᠬᠠᠷᠢᠯᠴᠢᠨ ᠰᠢᠨᠡᠯᠡᠭᠡ ᠪᠠᠨ ᠦᠷ᠎ᠡ ᠠᠴᠢ ᠪᠢᠳᠡᠨ ᠢ ᠨᠠᠷᠠᠯᠠᠭ ᠠᠭᠤᠯᠡᠨ ᠤ ᠬᠤᠷᠤᠮᠦᠢ ᠳᠤ ᠨᠢ ᠴᠤᠭᠯᠠᠭᠠᠭᠠᠳ ᠬᠦᠷᠢᠶᠡᠯᠳᠦᠨ ᠴᠡᠩᠬᠡᠵᠦ ᠬᠦᠷᠢᠶ᠎ᠡ ᠪᠠᠨ ᠰᠤᠯᠢᠯᠴᠢᠨ᠂ ᠠᠬ᠎ᠠ ᠳᠡᠭᠦᠦ ᠠᠶᠢᠮᠠᠭ ᠰᠠᠳᠦᠨ᠂ ᠠᠴᠢ ᠦᠷ᠎ᠡ ᠬᠠᠷᠭᠠᠯᠵᠡᠨ ᠬᠠᠮᠲᠦᠷᠡᠨ ᠨᠡᠶᠢᠯᠡᠵᠦ ᠬᠠᠷᠢᠯᠴᠢᠨ ᠨᠦᠬᠦᠷᠯᠡᠭᠡᠳ ᠨᠤᠳᠤᠭ ᠤᠰᠦ ᠪᠠᠨ ᠶᠡᠷᠢᠯᠴᠢᠨ ᠴᠠᠭᠠᠨ ᠢᠳᠡᠭᠡ ᠪᠠᠨ ᠳᠡᠯᠭᠡᠨ ᠪᠠᠶᠢᠵᠦ ᠪᠡᠰᠡᠷᠡᠭ ︿︿ᠨᠠᠭᠠᠳᠦᠮ﹀﹀ ᠵᠤᠭᠢᠶᠡᠨ ᠪᠠᠶᠡᠷᠯᠡᠵᠦ ᠪᠠᠶᠢᠬᠤ ᠶᠢ ᠲᠤᠬᠠᠯᠠᠨ ᠬᠠᠷᠠᠵᠦ ᠰᠠᠭᠤᠳᠠᠭ ᠪᠠᠶᠢᠵᠡᠢ᠃           ᠮᠦᠩᠬᠡ ᠲᠡᠭᠷᠢ ᠲᠤ ᠶᠠᠮᠠᠷ ᠬᠡᠯᠡ ᠪᠠᠷ ᠶᠠᠭᠤ ᠬᠡᠯᠡᠵᠦ ᠪᠠᠶᠢᠭ᠎ᠠ ᠨᠢ ᠶᠠᠷᠢᠶᠡᠨ ᠦᠭᠡᠢ ᠪᠤᠯᠪᠡᠴᠦ ᠦᠨᠡᠨ ᠰᠡᠳᠭᠡᠯ ᠠᠴᠠ ᠪᠠᠨ ᠲᠡᠭᠷᠢ ᠲᠤ ᠬᠠᠨᠳᠦᠵᠦ ᠪᠠᠶᠢᠭ᠎ᠠ ᠦᠭᠡ ᠶᠢ ᠠᠪᠳᠠᠭ ᠪᠤᠯ ᠬᠠᠷᠢ ᠬᠡᠯᠡ ᠪᠠᠷ ᠲᠠᠷᠨᠢ ᠤᠩᠰᠢᠵᠦ ᠪᠠᠶᠢᠭ᠎ᠠ ᠮᠤᠩᠭᠤᠯ ᠬᠦᠮᠦᠨ ᠠᠴᠠ ᠶᠠᠮᠡᠷ ᠦᠨᠡᠨᠴᠢ ᠰᠡᠳᠭᠡᠯ ᠭᠠᠷᠴᠦ ᠪᠤᠯᠬᠤ ᠪᠤᠢ︖ ᠬᠡᠯᠡᠵᠦ ᠪᠠᠶᠢᠭ᠎ᠠ ᠦᠭᠡ ᠪᠠᠨ ᠦᠪᠡᠷ ᠢᠶᠠᠨ ᠴᠦ ᠭᠦᠢᠴᠢᠳ ᠤᠶᠢᠯᠡᠭᠠᠬᠤ ᠦᠭᠡᠢ ᠪᠢᠯᠡ᠃ ᠬᠤᠳᠠᠯᠴᠢ᠂ ᠬᠠᠭᠤᠷᠠᠮᠴᠢ᠂ ᠠᠲᠠᠭᠠᠴᠢ ᠬᠦᠮᠦᠨ ᠦᠪᠡᠷ ᠤᠨ ᠢᠶᠠᠨ ᠬᠤᠶᠢᠲᠦ ᠨᠠᠰᠦ ᠶᠢ ᠪᠦᠷᠬᠦᠭᠳᠡᠭᠦᠯᠡᠵᠦ ᠲᠠᠮᠦ ᠳᠤ ᠤᠨᠠᠬᠤ ᠨᠢᠭᠦᠯ ᠢᠶᠠᠨ ᠪᠡᠯᠡᠳᠬᠡᠨ᠂ ᠲᠡᠭᠷᠢ  ᠲᠡᠭᠡᠨ ᠭᠤᠯᠤᠭᠳᠡᠵᠦ᠂ ᠲᠡᠭᠷᠢ ᠲᠡᠭᠡᠨ ᠲᠡᠷᠰᠡᠯᠵᠦ ᠪᠠᠶᠢᠳᠠᠭ᠃ ᠲᠡᠭᠷᠢ ᠤᠳ ᠬᠤᠳᠡᠯᠴᠢ ᠬᠦᠮᠦᠨ ᠳᠤ ᠳᠤᠷ᠎ᠡ ᠦᠭᠡᠢ ᠃ ᠮᠤᠩᠭᠤᠯᠴᠤᠳ ᠲᠡᠭᠷᠢ ᠶᠢ ᠤᠶᠤᠨ ᠤᠬᠠᠭᠠᠨ ᠤ ᠳᠡᠭᠡᠳᠦ ᠲᠦᠪ᠂ ᠤᠷᠴᠢᠨ ᠴᠠᠭ ᠤᠨ ᠤᠶᠢᠯᠡᠭᠠᠯᠳᠡ ᠪᠠᠷ ︿︿ᠮᠦᠩᠬᠡ ᠤᠨ ᠰᠡᠳᠭᠢᠭᠦᠢ﹀﹀ ᠭᠡᠵᠤ ᠦᠵᠡᠳᠡᠭ ᠪᠠᠶᠢᠭᠰᠡᠨ ᠤᠴᠢᠷ ᠲᠡᠭᠷᠢ ᠲᠠᠢ ᠪᠠᠨ ᠪᠠᠶᠢᠬᠤ ᠶᠢᠨ ᠲᠤᠯᠳᠡ ᠦᠨᠡᠨᠴᠢ ᠰᠢᠳᠦᠷᠭᠤ ᠪᠠᠶᠢᠵᠦ ᠬᠡᠴᠢᠶᠡᠨ ᠵᠢᠳᠭᠦᠵᠦ ᠲᠡᠭᠷᠢ ᠠᠴᠠ ᠪᠢᠳᠡᠨ ᠢ ᠲᠡᠨᠳᠡ ᠠᠴᠠ ᠬᠠᠷᠡᠵᠦ ᠪᠠᠶᠢᠭ᠎ᠠ ᠭᠡᠰᠡᠨ ᠢᠳᠡᠭᠡᠯ ᠢᠶᠠᠷ ᠠᠵᠢᠯᠰᠠᠭ ᠪᠠᠶᠢᠵᠦ᠂ ᠬᠤᠳᠡᠯ ᠶᠠᠷᠢᠬᠤ᠂ ᠬᠤᠯᠠᠭᠠᠢ ᠬᠢᠬᠦ᠂ ᠢᠳᠡᠭᠡᠯ ᠡᠪᠳᠡᠨ ᠤᠷᠪᠠᠭ᠋ᠤ᠂ ᠰᠠᠳᠦᠷ ᠰᠠᠮᠠᠭᠤᠨ ᠢ ᠴᠡᠭᠡᠷᠯᠡᠵᠦ ᠪᠠᠶᠢᠵᠡᠢ᠃ ᠴᠢᠩᠭᠢᠰ ᠤᠨ ᠮᠤᠩᠭᠤᠯᠴᠤᠳ ᠡᠶᠢᠮᠦ ᠰᠠᠨᠠᠭ᠎ᠠ ᠶᠢ ᠰᠡᠳᠭᠡᠯ ᠳᠡᠭᠡᠨ ᠪᠠᠲᠦ ᠰᠢᠩᠭᠡᠭᠡᠵᠦ᠂ ᠠᠮᠢᠳᠦᠷᠡᠯ ᠳᠠᠭᠠᠨ ᠬᠡᠪᠰᠢᠭᠦᠯᠡᠵᠦ ᠴᠢᠳᠠᠭᠰᠠᠨ ᠢᠶᠠᠷ ᠢᠶᠠᠨ ᠲᠡᠭᠷᠢ ᠤᠨ ᠲᠠᠭᠠᠯᠠᠯ ᠳᠤ ᠨᠡᠶᠢᠴᠡᠵᠦ ᠲᠠᠶᠠᠭᠠᠷ ᠤᠯᠡᠨ ᠢᠶᠠᠷ ᠢᠶᠠᠨ ︿︿ᠮᠦᠩᠬᠡ ᠲᠡᠭᠷᠢ ᠤᠨ ᠬᠤᠬᠡᠳ ᠤᠳ﹀﹀ ᠪᠤᠯᠵᠦ ᠴᠢᠳᠠᠵᠡᠢ᠃           ᠨᠢᠭᠡᠨ ᠦᠨᠳᠦᠰᠦᠳᠡᠨ ᠨᠢ ᠰᠦᠯᠳᠡ ᠰᠢᠲᠦᠭᠡᠨ ᠦᠭᠡᠢ ᠪᠤᠯᠬᠤᠷ ᠲᠤᠬᠠᠢ ᠶᠢᠨ ᠦᠨᠳᠦᠰᠦᠳᠡᠨ ᠤ ᠤᠶᠦᠨ ᠰᠠᠨᠠᠭ᠎ᠠ ᠨᠢ ᠤᠰᠡᠳᠴᠦ᠂ ᠤᠯᠡᠮ ᠢᠶᠠᠷ ᠲᠡᠭᠦᠨ ᠢ ᠳᠠᠭᠠᠯᠳᠦᠨ᠂ ᠮᠤᠩᠭᠤᠯ ᠦᠨᠳᠦᠰᠦᠳᠡᠨ ᠤ ᠤᠷᠤᠰᠢᠨ ᠲᠤᠭᠳᠠᠨᠢᠰᠠᠭᠠᠷ ᠢᠷᠡᠭᠰᠡᠨ ᠲᠠᠯ᠎ᠠ ᠨᠤᠲᠤᠭ ᠢ ᠴᠦ ᠭᠠᠵᠡᠷ ᠤᠨ ᠵᠢᠷᠤᠭ ᠠᠴᠠ ᠠᠷᠡᠴᠠᠭᠳᠠᠵᠦ ᠠᠯᠭ᠎ᠠ ᠪᠤᠯᠬᠤ ᠮᠠᠭᠠᠳᠯᠠᠯ ᠲᠠᠢ ( ᠵᠢᠶᠠᠩ ᠷᠦᠩ ᠶᠢᠨ ᠴᠢᠨᠦ ᠎ᠡ ᠰᠦᠯᠳᠡ)᠃           ᠮᠦᠩᠬᠡ ᠲᠡᠭᠷᠢ ᠶᠢᠨ ᠬᠦᠰᠡᠯ ᠢᠶᠠᠷ ᠡᠭᠦᠷᠢᠲᠡ ᠲᠤᠭᠳᠠᠨᠢᠭᠰᠠᠨ ᠪᠤᠯᠤᠨ ᠦᠵᠡᠵᠦ ᠦᠩᠭᠡᠷᠡᠭᠦᠯᠡᠭᠰᠡᠨ ᠵᠦᠢᠯ  ᠢᠶᠠᠨ ᠨᠡᠷᠢᠪᠴᠢᠯᠡᠨ ᠰᠡᠶᠢᠷᠡᠭᠦᠯᠡᠵᠦ ᠤᠷᠴᠢᠨ ᠴᠠᠭ ᠤᠨ ᠨᠡᠷ᠎ᠡ ᠲᠠᠢ ᠡᠷᠳᠡᠮᠳᠡᠳ ᠤᠨ ᠵᠤᠬᠢᠶᠡᠯ ᠪᠦᠳᠦᠭᠡᠯ ᠤᠳ ᠢᠶᠠᠷ ᠪᠠᠲᠦᠯᠠᠭᠠᠵᠢᠭᠤᠯᠠᠭᠠᠳ ᠲᠡᠤᠬᠡ ᠶᠢᠨ ᠬᠠᠭᠤᠳᠡᠰᠦ ᠤᠳ ᠢᠶᠠᠷ ᠴᠢᠮᠡᠵᠦ ᠪᠡᠰᠡᠷᠡᠭᠬᠡᠨ ᠨᠤᠮ ᠢᠶᠠᠨ ᠭᠠᠷᠭᠠᠨ ᠲᠠ ᠪᠦᠭᠦᠳᠡ ᠳᠡᠭᠡᠨ ᠲᠤᠯᠢᠯᠠᠭᠤᠯᠠᠶ᠎ᠠ᠃ ᠬᠦᠰᠡᠭᠰᠡᠨ ᠨᠢ ᠠᠪᠴᠤ ᠰᠡᠳᠭᠡᠯ ᠢᠶᠠᠨ ᠴᠢᠩᠭᠠᠳᠬᠠᠬᠤ ᠪᠤᠯᠲᠤᠭᠠᠢ︕                                        ——ᠠᠪᠲᠡᠢ ᠰᠠᠶᠢᠨ ᠬᠠᠭᠠᠨ ᠤ ᠠᠷᠪᠠᠨ ᠳᠤᠯᠤᠳᠤᠭᠠᠷ ᠦᠶ᠎ᠡ ᠶᠢᠨ ᠦᠷ᠎ᠡ ᠪᠤᠷᠵᠢᠭᠢᠨ ᠰᠠᠩᠪᠤᠤ ᠶᠢᠨ ᠪᠤᠯᠤᠳᠪᠠᠭᠠᠲᠦᠷ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号