ᠴᠡᠭᠡᠷ ᠶᠣᠰᠤᠨ
ᠨᠡᠶᠢᠲᠡᠯᠡᠭᠰᠡᠨ ᠴᠠᠭ᠄
2016/9/6
    ᠡᠷᠢᠶᠡᠬᠡᠨ ᠰᠤᠯᠤᠩᠭ᠎ᠠ     ᠮᠢᠨᠤ ᠪᠠᠭ᠎ᠠ ᠶᠢᠨ ᠦᠶ᠎ᠡ ᠶᠢᠨ ᠮᠠᠨ ᠤ ᠭᠡᠷ ᠤᠨ ᠴᠡᠭᠡᠷ ᠶᠣᠰᠣᠨ᠄     1.ᠦᠷᠯᠤᠭᠡ  ᠳᠡᠭᠡᠨ ᠨᠠᠷᠠ ᠭᠠᠷᠲᠠᠯ᠎ᠠ ᠤᠨᠲᠠᠬᠤ ᠶᠢ ᠲᠤᠩ ᠬᠡᠴᠢᠶᠡᠳᠡᠭ᠃ ᠵᠠᠪᠠᠯ ᠨᠠᠷᠠᠨ ᠠᠴᠠ ᠡᠮᠤᠨ᠎ᠡ ᠪᠣᠰᠳᠠᠭ᠃     2.ᠨᠠᠷᠠᠨ ᠤ ᠡᠰᠡᠷᠭᠦ ᠦᠨᠡᠰᠦ ᠬᠤᠭ ᠭᠡᠭᠡᠳᠡᠭ ᠦᠭᠡᠢ᠃ ᠤᠰᠤ ᠤᠭᠠᠳᠠᠰᠤ ᠴᠠᠴᠤᠳᠠᠭ ᠦᠭᠡᠢ᠃     3.ᠭᠤᠯᠤᠮᠲᠠ ᠪᠠᠨ ᠲᠦᠷᠤᠭᠡᠳᠡᠵᠦ ᠪᠣᠶᠤ ᠢᠰᠭᠦᠯᠵᠦ ᠰᠠᠭᠤᠳᠠᠭ ᠦᠭᠡᠢ᠃ ᠡᠰᠡᠷᠭᠦ ᠨᠢ ᠨᠢᠯᠪᠤᠬᠤ ᠶᠢ ᠲᠠᠰᠤ ᠴᠡᠭᠡᠷᠯᠡᠨ᠎ᠡ᠃ ᠳᠡᠭᠡᠭᠦᠷ ᠨᠢ ᠠᠯᠬᠤᠬᠤ ᠶᠢ ᠨᠡᠩ ᠴᠡᠭᠡᠷᠯᠡᠨ᠎ᠡ᠃ ᠭᠠᠯ ᠤᠨ ᠬᠠᠶᠢᠴᠢ᠂ ᠬᠤᠰᠤᠭᠤᠷ᠂ ᠮᠠᠯᠲᠠᠭᠤᠷ ᠤᠨ ᠳᠡᠭᠡᠭᠦᠷ ᠠᠯᠬᠤᠬᠤ ᠶᠢ ᠴᠡᠭᠡᠷᠯᠡᠨ᠎ᠡ᠃ ᠭᠠᠯ ᠬᠢᠵᠤ ᠪᠠᠶᠢᠭ᠎ᠠ ᠵᠤᠬ᠎ᠠ ᠲᠤᠯᠭ᠎ᠠ ᠳᠤ ᠤᠰᠤ ᠣᠷᠤᠬᠤ ᠶᠢ ᠲᠤᠶᠢᠯ ᠢᠶᠠᠷ ᠬᠢᠴᠢᠶᠡᠳᠡᠭ᠃     4.ᠠᠷᠭᠠᠯ ᠲᠦᠯᠡᠭᠡᠨ ᠳᠣᠲᠤᠷ᠎ᠠ ᠪᠣᠵᠠᠷ ᠮᠠᠭᠤ ᠵᠤᠶᠢᠯᠡᠰ ᠣᠷᠤᠵᠤ ᠲᠦᠯᠡᠳᠡᠭᠳᠡᠬᠦ ᠶᠢ ᠣᠨᠴᠠ ᠬᠡᠴᠢᠶᠡᠨ᠎ᠡ᠃     5.ᠬᠠᠶᠢᠴᠢ ᠬᠢᠲᠤᠭ᠎ᠠ ᠵᠡᠷᠭᠡ ᠶᠢᠨ ᠢᠷ ᠮᠦᠷᠤ ᠲᠠᠢ ᠵᠡᠪᠰᠡᠭ ᠤᠨ ᠳᠡᠭᠡᠭᠦᠷ ᠠᠯᠬᠤᠳᠠᠭ ᠦᠭᠡᠢ᠂ ᠡᠶᠢᠮᠤᠷᠬᠦ ᠵᠤᠶᠢᠯᠡᠰ ᠢ ᠬᠦᠮᠦᠨ ᠳᠤ ᠦᠭᠭᠦᠬᠦ ᠳᠡᠭᠡᠨ ᠢᠷ ᠢ ᠨᠢ ᠦᠪᠡᠷ ᠤᠨ ᠪᠡᠶ᠎ᠡ ᠵᠦᠭ ᠢᠶᠠᠨ ᠬᠠᠨᠳᠤᠭᠤᠯᠵᠤ᠂ ᠡᠰᠢ ᠪᠣᠶᠤ ᠮᠦᠷᠤ ᠶᠢ ᠨᠢ ᠦᠭᠭᠦᠬᠦ ᠬᠦᠮᠦᠨ ᠤ ᠵᠦᠭ ᠲᠤ ᠬᠠᠨᠳᠤᠭᠤᠯᠵᠤ ᠦᠭᠭᠦᠳᠡᠭ᠃     6.ᠡᠮᠡᠭᠡᠯ ᠬᠠᠵᠠᠭᠠᠷ᠂ ᠨᠣᠭᠲᠣ ᠴᠢᠳᠤᠷ᠂ ᠤᠷᠭ᠎ᠠ ᠲᠠᠰᠢᠭᠤᠷ ᠤᠨ ᠳᠡᠭᠡᠭᠦᠷ ᠠᠯᠬᠤᠳᠠᠭ ᠦᠭᠡᠢ᠃ ᠬᠠᠩᠭᠠᠢ ᠡᠮᠡᠭᠡᠯ ᠤᠨᠤᠭᠤᠯᠳᠠᠭ ᠦᠭᠡᠢ᠃ ᠨᠣᠭᠲᠣ ᠬᠠᠵᠠᠭᠠᠷ ᠤᠨ ᠲᠣᠯᠤᠭᠠᠢ ᠶᠢ ᠲᠣᠩᠭᠤᠷᠤᠭᠤᠯᠤᠨ ᠡᠯᠭᠦᠬᠦ ᠶᠢ ᠴᠡᠭᠡᠷᠯᠡᠨ᠎ᠡ᠃ ᠴᠢᠳᠦᠷ ᠢ ᠪᠣᠷᠤᠭᠤ ᠬᠠᠨᠳᠤᠭᠤᠯᠵᠤ ᠴᠢᠳᠤᠷᠯᠡᠬᠦ ᠪᠣᠶᠤ ᠭᠤᠶᠠᠨ ᠤ ᠠᠯᠠᠭ᠎ᠠ ᠠᠴᠠ ᠭᠠᠨᠵᠤᠭᠠᠯᠠᠬᠤ ᠶᠢ ᠴᠡᠭᠡᠷᠯᠡᠳᠡᠭ᠃     7.ᠪᠡᠶ᠎ᠡ ᠬᠦᠨᠳᠦ  ᠬᠦᠮᠦᠨ ᠤ ᠡᠮᠤᠨᠡᠭᠦᠷ ᠭᠡᠷᠤᠵᠤ ᠭᠠᠷᠤᠳᠠᠭ ᠦᠭᠡᠢ᠃     8.ᠬᠤᠨᠢ ᠬᠤᠷᠠᠭ᠎ᠠ ᠪᠠᠷᠢᠵᠤ ᠠᠪᠬᠤ ᠳᠠᠭᠠᠨ ᠤᠩᠭᠠᠰᠤ ᠬᠢᠯᠭᠠᠰᠤ ᠠᠴᠠ ᠨᠢ ᠪᠠᠵᠠᠭᠳᠠᠨ ᠪᠠᠷᠢᠳᠠᠭ ᠦᠭᠡᠢ᠃ ᠵᠠᠪᠠᠯ ᠰᠢᠬᠢᠷᠡᠳᠡᠵᠦ ᠪᠠᠷᠢᠵᠤ ᠠᠪᠳᠠᠭ᠃     9.ᠲᠠᠪᠤᠨ ᠬᠤᠰᠢᠭᠤ ᠮᠠᠯ ᠢᠶᠠᠨ ᠲᠠᠮᠤᠯᠠᠬᠤ ᠪᠣᠶᠤ ᠬᠠᠷᠢᠶᠠᠬᠤ ᠶᠢ ᠲᠠᠰᠤ ᠴᠡᠭᠡᠷᠯᠡᠨ᠎ᠡ᠃     10.ᠮᠠᠯ ᠤᠨ ᠬᠠᠰᠢᠶ᠎ᠠ ᠬᠤᠷᠤᠭ᠎ᠠ ᠪᠣᠶᠤ ᠭᠡᠷ ᠤᠨ ᠳᠡᠭᠡᠷ᠎ᠡ ᠲᠠᠯ᠎ᠠ ᠳᠤ ᠦᠳᠭᠡᠨ ᠰᠢᠩᠬᠡᠨ ᠮᠦᠷ ᠦᠵᠡᠬᠦ ᠶᠢ ᠲᠠᠰᠤ ᠴᠡᠭᠡᠷᠯᠡᠨ᠎ᠡ᠃     11.ᠦᠨᠡᠰᠤ ᠬᠤᠭ ᠢ ᠨᠡᠶᠢᠯᠡᠭᠦᠯᠵᠦ ᠭᠡᠭᠡᠳᠡᠭ ᠦᠭᠡᠢ᠃ ᠨᠡᠩ ᠬᠦᠮᠦᠨ ᠤ ᠡᠰᠡᠷᠭᠦ ᠬᠠᠶᠠᠳᠠᠭ ᠦᠭᠡᠢ᠃     12.ᠬᠤᠳᠳᠤᠭ᠂ ᠭᠤᠣᠯ ᠤᠰᠤᠨ ᠳᠤ ᠮᠠᠭᠤ ᠶᠠᠭᠤᠮ᠎ᠠ ᠣᠷᠤᠭᠤᠯᠬᠤ  ᠶᠢ ᠴᠡᠭᠡᠷᠯᠡᠳᠡᠭ᠃     13.ᠬᠦᠮᠦᠨ ᠤ ᠵᠦᠭ ᠬᠤᠷᠤᠭᠤ ᠪᠠᠷ ᠵᠢᠭᠠᠳᠠᠭ ᠦᠭᠡᠢ᠃     14.ᠬᠦᠮᠦᠨ ᠳᠤ ᠶᠠᠭᠤᠮ᠎ᠠ ᠦᠭᠭᠦᠬᠦ ᠪᠣᠶᠤ ᠠᠪᠬᠤ ᠳᠠᠭᠠᠨ ᠵᠠᠪᠠᠯ ᠪᠠᠷᠠᠭᠤᠨ ᠭᠠᠷ ᠢᠶᠠᠷ ᠢᠶᠠᠨ ᠦᠭᠴᠦ ᠠᠪᠳᠠᠭ᠃     15.ᠠᠬᠠᠮᠠᠳ ᠲᠣᠮᠤᠭᠠᠲᠠᠨ ᠤ ᠲᠠᠯ᠎ᠠ ᠳᠤ ᠬᠡᠥᠭᠡᠳ ᠬᠦᠮᠦᠨ ᠤᠷᠢᠳᠠᠪᠠᠷ ᠣᠷᠣ ᠡᠵᠡᠯᠡᠳᠡᠭ ᠦᠭᠡᠢ᠃     16.ᠨᠣᠭᠲᠣ ᠴᠢᠳᠤᠷ᠂ ᠳᠡᠭᠡᠰᠤ ᠲᠦᠷᠤ ᠬᠠᠷᠭᠤᠬᠤ ᠳᠤ ᠠᠪᠬᠤ ᠶᠢ ᠴᠡᠭᠡᠷᠯᠡᠨ᠎ᠡ᠃ ᠮᠠᠭᠤ ᠪᠡᠯᠭᠡ ᠭᠡᠳᠡᠭ᠃     17.ᠳᠡᠪᠡᠯ ᠤᠨ ᠡᠩᠭᠡᠷ ᠢ ᠵᠠᠳᠠᠭᠠᠢ ᠶᠠᠪᠤᠳᠠᠭ ᠦᠭᠡᠢ᠃ ᠲᠣᠪᠴᠢ ᠰᠢᠯᠪᠢ ᠶᠢ ᠨᠢ ᠳᠤᠲᠠᠭᠤ ᠳᠣᠭᠤᠯᠠᠩ ᠶᠠᠪᠤᠭᠤᠯᠳᠠᠭ ᠦᠭᠡᠢ᠃ ᠲᠣᠪᠴᠢ ᠶᠢ ᠵᠠᠪᠠᠯ ᠵᠠᠭᠠᠮ᠎ᠠ ᠶᠢᠨ ᠲᠣᠪᠴᠢ ᠠᠴᠠ ᠡᠬᠢᠯᠡᠵᠦ ᠲᠣᠪᠴᠢᠯᠠᠳᠠᠭ᠃     18.ᠠᠪᠤ᠂ ᠠᠬ᠎ᠠ ᠠᠴᠠ  ᠤᠷᠢᠲᠠᠵᠦ ᠬᠡᠥᠭᠡᠳ ᠳᠡᠭᠦᠦᠨᠠᠷ ᠰᠠᠬᠠᠯ ᠲᠠᠯᠪᠢᠳᠠᠭ ᠦᠭᠡᠢ᠃     19.ᠶᠠᠮᠠᠷ ᠴᠤ ᠬᠦᠮᠦᠨ ᠤ ᠡᠰᠡᠷᠭᠦ ᠬᠤᠭᠤᠰᠤᠨ ᠰᠠᠪᠠ ᠠᠪᠴᠤ ᠭᠠᠷᠳᠠᠭ ᠦᠭᠡᠢ᠃ ᠬᠡᠷᠪᠡ ᠭᠠᠷᠤᠭᠰᠠᠨ ᠨᠢ ᠬᠠᠷᠭᠤᠴᠢᠬᠠᠭᠰᠠᠨ ᠪᠣᠯ ᠰᠠᠪᠠ ᠪᠠᠨ ᠪᠣᠰᠢᠭᠤ ᠭᠠᠵᠠᠷ ᠬᠦᠮᠤᠷᠢᠵᠤ ᠲᠠᠯᠪᠢᠵᠤ ᠬᠦᠮᠦᠨ ᠬᠠᠷ᠎ᠠ ᠶᠢ ᠦᠩᠭᠡᠷᠡᠵᠦ ᠭᠠᠷᠤᠭᠰᠠᠨ ᠬᠤᠶᠢᠨ᠎ᠠ  ᠠᠪᠴᠤ ᠶᠠᠪᠤᠳᠠᠭ᠃     20.ᠮᠠᠯ ᠰᠦᠷᠦᠭ ᠤᠨ ᠡᠰᠡᠷᠭᠦ ᠤᠰᠤ ᠤᠭᠠᠳᠠᠰᠤ᠂ ᠦᠨᠡᠰᠤ᠂ ᠬᠤᠭ ᠴᠠᠴᠤᠵᠤ ᠭᠡᠭᠡᠳᠡᠭ ᠢ ᠴᠡᠭᠡᠷᠯᠡᠨ᠎ᠡ᠃     21.ᠨᠣᠮ  ᠰᠣᠳᠤᠷ ᠢᠶᠠᠷ ᠬᠡᠥᠭᠡᠳ ᠲᠤ ᠨᠠᠭᠠᠳᠤᠭᠤᠯᠳᠠᠭ ᠦᠭᠡᠢ᠃ ᠬᠦᠰᠡᠷ ᠳᠣᠣᠷ᠎ᠠ ᠲᠠᠯᠪᠢᠳᠠᠭ ᠦᠭᠡᠢ᠃     22. ᠠᠬᠠᠮᠠᠳ ᠲᠣᠮᠤᠭᠠᠲᠠᠨ ᠳᠤ ᠮᠠᠯᠠᠭᠠᠢ ᠦᠭᠡᠢ ᠮᠦᠷᠭᠦᠬᠦ ᠶᠢ ᠬᠡᠴᠢᠶᠡᠨ᠎ᠡ᠃ ᠱᠠᠰᠢᠨ ᠰᠢᠳᠤᠯᠭᠡ ᠲᠠᠬᠢᠯ ᠲᠠᠶᠢᠯᠠᠭ᠎ᠠ ᠳᠤ ᠮᠠᠯᠠᠭᠠᠢ ᠲᠠᠢ ᠮᠦᠷᠭᠦᠳᠡᠭ ᠦᠭᠡᠢ᠃     23.ᠶᠠᠮᠠᠷ ᠴᠤ ᠬᠦᠮᠦᠨ ᠳᠤ ᠬᠠᠳᠠᠭ ᠪᠠᠷᠢᠬᠤ ᠳᠠᠭᠠᠨ ᠬᠠᠳᠠᠭ ᠤᠨ ᠠᠮᠠ ᠶᠢ ᠦᠭᠭᠦᠬᠦ ᠬᠦᠮᠦᠨ ᠤ ᠵᠦᠭ ᠲᠤ ᠬᠠᠨᠳᠤᠭᠤᠯᠵᠤ ᠪᠠᠷᠢᠳᠠᠭ᠃ ᠬᠠᠳᠠᠭ ᠲᠤᠰᠬᠤ ᠬᠦᠮᠦᠨ᠂ ᠡᠷᠡᠭᠲᠡᠢ ᠪᠣᠯ ᠲᠣᠰᠴᠤ ᠠᠪᠤᠭᠰᠠᠨ ᠬᠠᠳᠠᠭ ᠢᠶᠠᠨ ᠵᠡᠭᠦᠨ ᠲᠣᠬᠤᠢ ᠲᠠᠯᠪᠢᠵᠤ᠂ ᠡᠮᠡᠭᠲᠡᠢ ᠬᠦᠮᠦᠨ ᠪᠣᠯ ᠪᠠᠷᠠᠭᠤᠨ ᠲᠣᠬᠤᠢ ᠳᠡᠭᠡᠷ᠎ᠡ ᠪᠠᠨ ᠲᠠᠯᠪᠢᠳᠠᠭ᠃ ᠬᠦᠵᠦᠭᠦᠨ ᠳᠡᠭᠡᠨ ᠲᠠᠯᠪᠢᠳᠠᠭ ᠵᠠᠩᠰᠢᠯ ᠮᠣᠩᠭᠤᠯᠴᠤᠳ ᠲᠤ ᠪᠠᠶᠢᠳᠠᠭ ᠦᠭᠡᠢ᠃     24.ᠨᠠᠷᠠ ᠰᠠᠷᠠ ᠰᠤᠯᠤᠩᠭ᠎ᠠ ᠶᠢ ᠬᠤᠷᠤᠭᠤ ᠪᠠᠷ ᠢᠶᠠᠨ ᠵᠢᠭᠠᠳᠠᠭ ᠦᠭᠡᠢ᠃ ᠭᠠᠯ ᠢᠶᠠᠷ ᠨᠠᠭᠠᠳᠤᠬᠤ ᠶᠢ ᠲᠠᠰᠤ ᠴᠡᠭᠡᠷᠯᠡᠳᠡᠭ᠃     25.  ᠪᠣᠰᠤᠳ ᠤᠨ ᠮᠠᠯᠠᠭᠠᠢ ᠲᠣᠯᠤᠭᠠᠢ ᠳᠤ ᠭᠠᠷ ᠬᠦᠷᠭᠡᠳᠡᠭ ᠦᠭᠡᠢ᠃     26.ᠳᠡᠭᠡᠷ᠎ᠡ ᠳᠣᠣᠷ᠎ᠠ ᠪᠡᠶ᠎ᠡ ᠶᠢᠨ ᠬᠤᠪᠴᠠᠰᠤ ᠶᠢ ᠨᠢᠭᠡ ᠳᠣᠣᠷ᠎ᠠ ᠨᠡᠶᠢᠯᠡᠭᠦᠯᠵᠦ ᠲᠠᠯᠪᠢᠳᠠᠭ ᠦᠭᠡᠢ᠃     27.ᠭᠤᠲᠤᠯ ᠱᠠᠬᠠᠢ ᠶᠢᠨ ᠬᠤᠩᠰᠢᠶᠠᠷ ᠢ ᠣᠷᠣ ᠶᠢᠨ ᠲᠣᠯᠤᠭᠠᠢ ᠵᠦᠭ ᠬᠠᠷᠠᠭᠤᠯᠵᠤ ᠲᠠᠯᠪᠢᠳᠠᠭ ᠦᠭᠡᠢ᠃     28. ᠡᠯᠢᠭᠡ ᠪᠠᠨ ᠲᠡᠪᠡᠷᠢᠵᠦ᠂ ᠨᠢᠷᠤᠭᠤ ᠪᠠᠨ ᠡᠭᠦᠷᠴᠤ᠂ ᠰᠦᠪᠡᠭᠡ ᠪᠠᠨ ᠲᠤᠯᠬᠤ ᠵᠡᠷᠭᠡ ᠶᠢ ᠴᠡᠭᠡᠷᠯᠡᠨ᠎ᠡ᠃ ᠵᠠᠳᠠᠭᠠᠢ ᠠᠯᠴᠠᠶᠢᠵᠦ  ᠰᠠᠭᠤᠬᠤ ᠶᠢ ᠴᠡᠭᠡᠷᠯᠡᠨ᠎ᠡ᠃     29. ᠳᠡᠪᠢᠭᠦᠷ ᠱᠦᠬᠦᠷ ᠤᠨ ᠢᠷ ᠢ ᠳᠡᠭᠡᠭᠰᠢ ᠬᠠᠨᠳᠤᠭᠤᠯᠵᠤ  ᠲᠠᠯᠪᠢᠳᠠᠭ ᠦᠭᠡᠢ᠃     30. ᠬᠠᠭᠠᠯᠭᠠᠨ ᠵᠠᠪᠰᠠᠷ ᠢᠶᠠᠷ ᠱᠠᠭᠠᠶᠢᠳᠠᠭ ᠦᠭᠡᠢ᠃ ᠬᠠᠪᠳᠠᠰᠤᠯᠠᠵᠤ ᠵᠣᠭᠰᠤᠳᠠᠭ ᠦᠭᠡᠢ᠃ ᠬᠠᠪᠲᠠᠰᠤᠨ ᠳᠣᠲᠤᠷ᠎ᠠ ᠠᠴᠠ ᠭᠠᠳᠠᠭᠰᠢ ᠶᠠᠭᠤᠮ᠎ᠠ ᠰᠠᠴᠤᠳᠠᠭ ᠦᠭᠡᠢ᠃     31. ᠬᠡᠥᠭᠡᠳ ᠲᠤ ᠰᠠᠮ᠂ ᠱᠦᠭᠦᠷ ᠢᠶᠠᠷ ᠨᠠᠭᠠᠳᠤᠭᠤᠯᠳᠠᠭ ᠦᠭᠡᠢ᠃     32.ᠬᠡᠷᠢᠶ᠎ᠡ᠂ ᠲᠡᠭᠡᠯᠡᠢ ᠶᠢ ᠨᠠᠮᠨᠠᠭᠤᠯᠳᠠᠭ ᠦᠭᠡᠢ᠂ ᠬᠤᠷᠤᠭᠤ ᠪᠠᠷ ᠢᠶᠠᠨ ᠵᠢᠭᠠᠬᠤ ᠶᠢ ᠴᠤ ᠴᠡᠭᠡᠷᠯᠡᠳᠡᠭ᠃     33.  ᠬᠠᠷ᠎ᠠ ᠰᠢᠷ᠎ᠠ ᠪᠦᠷᠤᠢ ᠶᠢᠨ ᠦᠶ᠎ᠡ ᠪᠠᠷ ᠳᠠᠭᠤᠯᠠᠵᠤ ᠭᠡᠩᠰᠢᠬᠦ ᠶᠢ ᠴᠡᠭᠡᠷᠯᠡᠨ᠎ᠡ᠃     34.  ᠲᠣᠭᠤᠭ᠎ᠠ ᠪᠠᠨ ᠵᠣᠣᠬᠠᠨ ᠳᠡᠭᠡᠷ᠎ᠡ ᠬᠡᠯᠲᠡᠭᠡᠢ ᠲᠠᠯᠪᠢᠬᠤ ᠶᠢ ᠬᠡᠴᠢᠶᠡᠨ᠎ᠡ᠃ ᠠᠶᠠᠭ᠎ᠠ ᠰᠠᠪᠬ᠎ᠠ ᠲᠣᠭᠰᠢᠬᠤ ᠶᠢ ᠬᠡᠴᠢᠶᠡᠨ᠎ᠡ᠃ ᠰᠠᠪᠬ᠎ᠠ ᠪᠠᠷ ᠬᠦᠮᠦᠨ ᠢ ᠵᠣᠳᠤᠬᠤ᠂ ᠴᠣᠬᠢᠬᠤ᠂ ᠵᠢᠭᠠᠬᠤ ᠶᠢ ᠴᠡᠭᠡᠷᠯᠡᠨ᠎ᠡ᠃ ᠰᠠᠪᠬ᠎ᠠ ᠶᠢ ᠭᠠᠯ ᠳᠤ ᠣᠷᠤᠭᠤᠯᠬᠤ ᠶᠢ ᠬᠡᠴᠢᠶᠡᠨ᠎ᠡ᠃     35.  ᠬᠤᠨᠢ᠂ ᠦᠬᠡᠷ ᠵᠠᠷᠤᠵᠤ ᠭᠠᠷᠭᠠᠬᠤ ᠳᠠᠭᠠᠨ ᠪᠠᠭᠠᠯᠵᠤᠤᠷ ᠬᠦᠵᠤᠭᠦᠦ ᠣᠭᠲᠤᠯᠵᠤ ᠵᠠᠷᠤᠬᠤ ᠶᠢ ᠴᠡᠭᠡᠷᠯᠡᠨ᠎ᠡ᠃ ᠵᠠᠪᠠᠯ ᠦᠷᠤᠴᠡ ᠶᠢ ᠨᠢ ᠬᠠᠭᠠᠯᠵᠤ᠂ ᠭᠤᠣᠯ ᠢ ᠨᠢ ᠲᠠᠰᠤᠯᠠᠵᠤ ᠵᠠᠷᠤᠳᠠᠭ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号