ᠠᠦ᠋ᠰᠲᠷᠠᠯᠢᠶ᠎ᠠ ᠭᠠᠳᠠᠭᠰᠢ ᠬᠤᠭᠤᠯᠠ ᠬᠦᠷᠭᠡᠬᠦ ᠮᠠᠰᠢᠨ ᠬᠦᠮᠤᠨ ᠢ ᠰᠣᠳᠤᠯᠤᠨ ᠭᠠᠷᠭᠠᠵᠠᠢ
ᠨᠡᠶᠢᠲᠡᠯᠡᠭᠰᠡᠨ ᠴᠠᠭ᠄
2016/9/7
     ᠳᠡᠯᠡᠭᠡᠢ ᠳᠤ ᠠᠯᠳᠠᠷᠲᠠᠢ ᠲᠣᠮᠢᠨᠤᠸ᠋ ᠫᠢᠰᠠ ᠶᠢᠨ ᠬᠤᠳᠠᠯᠳᠤᠭᠠᠨ ᠤ ᠠᠦ᠋ᠰᠲᠷᠠᠯᠢᠶ᠎ᠠ ᠳᠠᠬᠢ ᠺᠣᠮᠫᠠᠨᠢ ᠣᠶᠢᠷ᠎ᠠ  ᠳᠤ ᠮᠡᠳᠡᠭᠡ ᠨᠡᠶᠢᠲᠡᠯᠡᠵᠦ᠂ ᠲᠤᠰ ᠺᠣᠮᠫᠠᠨᠢ ᠨᠢᠭᠡᠨᠲᠡ ᠳᠡᠯᠡᠭᠡᠢ ᠶᠢᠨ ᠠᠩᠬᠠᠳᠠᠭᠴᠢ ᠭᠠᠳᠠᠭᠰᠢ ᠬᠤᠭᠤᠯᠠ ᠬᠦᠷᠭᠡᠬᠦ ᠮᠠᠰᠢᠨ ᠬᠦᠮᠦᠨ ᠢ ᠰᠣᠳᠤᠯᠤᠨ ᠤᠶᠢᠯᠡᠳᠴᠡᠢ ᠭᠡᠪᠡ᠃      ᠡᠨᠡᠬᠦ ᠮᠠᠰᠢᠨ ᠬᠦᠮᠦᠨ ᠢ ᠲᠣᠮᠢᠨᠤᠸ᠋ ᠫᠢᠰᠠ ᠶᠢᠨ ᠬᠤᠳᠠᠯᠳᠤᠭᠠᠨ ᠤ ᠺᠣᠮᠫᠠᠨᠢ ᠬᠢᠭᠡᠳ ᠰᠢᠳ᠋ᠨᠢ ᠶᠢᠨ ︽ᠮᠠᠷᠠᠽᠤᠨ ᠮᠠᠰᠢᠨ ᠬᠦᠮᠦᠨ︾ ᠰᠢᠨᠵᠢᠯᠡᠬᠦ ᠤᠬᠠᠭᠠᠨ ᠮᠡᠷᠭᠡᠵᠢᠯ ᠤᠨ ᠺᠣᠮᠫᠠᠨᠢ ᠬᠠᠮᠲᠤᠷᠠᠵᠤ ᠰᠣᠳᠤᠯᠤᠨ ᠤᠶᠢᠯᠡᠳᠴᠡᠢ᠃ ᠡᠨᠡᠬᠦ ᠮᠠᠰᠢᠨ ᠬᠦᠮᠦᠨ ᠨᠢ ᠦᠨᠡᠨ ᠳᠡᠭᠡᠨ ᠵᠢᠯᠤᠭᠤᠴᠢ ᠦᠭᠡᠢ ᠳᠦᠷᠪᠡᠨ ᠬᠦᠷᠳᠤᠳᠤ ᠪᠢᠴᠢᠯ ᠮᠠᠰᠢᠨ ᠲᠡᠷᠭᠡ ᠪᠠᠶᠢᠯ᠎ᠠ᠃ ᠲᠡᠭᠦᠨ ᠤ ᠠᠶᠠᠯᠠᠬᠤ ᠬᠤᠷᠳᠤᠴᠠ ᠨᠢ ᠴᠠᠭ ᠪᠦᠷᠢ 20 ᠺᠢᠯᠤᠮᠧᠲᠷ ᠪᠠᠶᠢᠵᠤ᠂ ᠪᠦᠬᠦ ᠳᠡᠯᠡᠭᠡᠢ ᠶᠢᠨ ᠪᠠᠶᠢᠷᠢ ᠲᠣᠭᠳᠠᠭᠠᠯᠲᠠ ᠶᠢᠨ ᠵᠢᠯᠤᠭᠤᠳᠬᠤ ᠰᠢᠰᠲ᠋ᠧᠮ ᠲᠠᠢ᠂  ᠬᠤᠭᠤᠯᠠ ᠬᠦᠷᠭᠡᠬᠦ ᠬᠠᠮᠤᠭ ᠤᠨ ᠳᠦᠲᠡ ᠵᠠᠮ ᠢ  ᠪᠣᠳᠤᠨ ᠭᠠᠷᠭᠠᠵᠤ ᠳᠡᠶᠢᠯᠤᠨ᠎ᠡ  ︔ ᠮᠠᠰᠢᠨ ᠳᠣᠲᠤᠷ᠎ᠠ ᠨᠢ ᠯᠠᠶᠢᠰᠧᠷ ᠮᠡᠳᠡᠷᠡᠯ ᠤᠨ ᠰᠢᠰᠲ᠋ᠧᠮ ᠤᠭᠰᠠᠷᠠᠵᠤ᠂ ᠰᠠᠭᠠᠳ ᠪᠣᠳᠠᠰ ᠠᠴᠠ ᠵᠠᠶᠢᠯᠠᠨ ᠶᠠᠪᠤᠵᠤ ᠴᠢᠳᠠᠨ᠎ᠠ᠃ ᠲᠡᠷᠭᠡᠨ ᠳᠡᠭᠡᠷ᠎ᠡ ᠨᠢ  ᠨᠢᠭᠡ ᠢᠳᠡᠭᠡᠨ ᠤ ᠠᠪᠳᠠᠷ᠎ᠠ ᠲᠠᠢ᠂ ᠨᠢᠭᠡ ᠤᠳᠠᠭ᠎ᠠ ᠳᠤ ᠬᠠᠮᠤᠭ ᠣᠯᠠᠨ ᠳᠠᠭᠠᠨ 10 ᠫᠢᠰᠠ ᠰᠠᠪᠠᠯᠠᠵᠤ ᠳᠡᠶᠢᠯᠤᠨ᠎ᠡ᠃ ᠮᠠᠰᠢᠨ ᠬᠦᠮᠦᠨ ᠵᠣᠷᠢᠭᠰᠠᠨ ᠭᠠᠵᠠᠷ  ᠲᠠᠭᠠᠨ ᠬᠦᠷᠤᠭ᠍ᠰᠡᠨ ᠤ ᠳᠠᠷᠠᠭ᠎ᠠ ᠬᠡᠷᠡᠭᠯᠡᠭᠴᠢ ᠰᠢᠯᠭᠠᠬᠤ ᠺᠣᠳ᠋ ᠢᠶᠠᠨ ᠣᠨᠤᠪᠴᠢᠲᠠᠢ ᠣᠷᠤᠭᠤᠯᠪᠠᠯ ᠰᠠᠶ᠋ᠢ ᠬᠤᠭᠤᠯᠠ ᠪᠠᠨ ᠠᠪᠴᠤ ᠭᠠᠷᠭᠠᠵᠤ ᠳᠡᠶᠢᠯᠤᠨ᠎ᠡ᠃      ᠡᠨᠡᠬᠦ ᠮᠠᠰᠢᠨ ᠬᠦᠮᠦᠨ ᠢ 2015 ᠣᠨ ᠠᠴᠠ ᠡᠬᠢᠯᠡᠵᠦ ᠰᠣᠳᠤᠯᠤᠨ ᠤᠶᠢᠯᠡᠳᠴᠡᠢ᠂ ᠣᠳᠤ ᠬᠡᠳᠤᠶᠢᠪᠡᠷ ᠵᠠᠮ ᠢᠶᠠᠷ ᠶᠠᠪᠤᠵᠤ ᠴᠢᠳᠠᠬᠤ ᠪᠣᠯᠪᠠᠴᠤ ᠬᠤᠯᠪᠤᠭᠳᠠᠯ ᠪᠦᠬᠦᠢ ᠰᠠᠯᠠᠭ᠎ᠠ ᠮᠦᠴᠢᠷ ᠠᠴᠠ ᠤᠯᠠᠮ ᠴᠢᠨᠠᠭᠰᠢᠲᠠ ᠲᠣᠷᠰᠢᠨ ᠬᠡᠷᠡᠭᠯᠡᠭᠰᠡᠨ ᠤ ᠳᠠᠷᠠᠭ᠎ᠠ ᠰᠠᠶ᠋ᠢ ᠵᠢᠩᠬᠢᠨᠢ ᠬᠡᠷᠡᠭᠯᠡᠯᠲᠡ ᠳᠤ ᠣᠷᠤᠬᠤ ᠪᠣᠯᠤᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号