1.ᠲᠣᠰᠤᠨ ᠤ ᠪᠠᠷᠢᠮᠵᠢᠶ᠎ᠠ ᠨᠣᠮᠧᠷ ᠢᠶᠠᠷ ᠬᠡᠷᠡᠭᠯᠡᠬᠦ ᠶᠢ ᠴᠡᠭᠡᠷᠯᠡᠨ᠎ᠡ᠃ ᠤᠶᠢᠯᠡᠳᠪᠦᠷᠢ ᠠᠴᠠ ᠭᠠᠷᠤᠭᠰᠠᠨ | ᠲᠷᠠᠺᠲ᠋ᠣᠷ ᠲᠤ ᠶᠠᠮᠠᠷ ᠪᠠᠷᠢᠮᠵᠢᠶ᠎ᠠ ᠲᠠᠢ᠂ ᠶᠠᠮᠠᠷ ᠨᠣᠮᠧᠷ ᠤᠨ ᠲᠣᠰᠤ ᠬᠡᠷᠡᠭᠯᠡᠬᠦ ᠲᠣᠬᠠᠢ ᠪᠦᠷ ᠲᠣᠳᠤᠷᠬᠠᠢ ᠲᠣᠭᠲᠠᠭᠠᠯ | ᠲᠠᠢ ᠪᠠᠶᠢᠳᠠᠭ᠃ ᠡᠭᠦᠨ ᠢ ᠴᠢᠩᠭ᠎ᠠ ᠵᠢᠷᠤᠮᠯᠠᠬᠤ ᠬᠡᠷᠡᠭᠲᠡᠢ᠃ | ︵1︶ ᠤᠯᠠᠷᠢᠯ ᠤᠨ ᠬᠤᠪᠢᠷᠠᠯ ᠢ ᠳᠠᠭᠠᠵᠤ ᠠᠳᠠᠯᠢ ᠪᠣᠰᠤ ᠴᠠᠷᠴᠠᠬᠤ ᠴᠡᠭ ᠤᠨ ᠴᠠᠶᠢᠶ᠋ᠢᠦ ᠶᠢ ᠬᠡᠷᠡᠭᠯᠡᠨ᠎ᠡ᠃ | ︵2︶ ᠦᠨᠳᠤᠷ ᠴᠠᠷᠴᠠᠬᠤ ᠴᠡᠭ ᠤᠨ ᠬᠦᠩᠬᠡᠨ ᠴᠠᠶᠢᠶ᠋ᠢᠦ ᠳᠣᠳᠤᠷ᠎ᠠ 25%— 37% ᠤᠨ ᠮᠸᠢᠢᠶ᠋ᠢᠣ | ᠨᠡᠮᠡᠵᠦ ᠬᠡᠷᠡᠭᠯᠡᠪᠡᠯ ᠴᠠᠷᠴᠠᠬᠤ ᠴᠡᠭ ᠢ ᠪᠠᠭᠤᠷᠠᠭᠤᠯᠵᠤ ᠪᠣᠯᠳᠠᠭ᠃ | ︵3︶ ᠠᠭᠤᠷ ᠠᠮᠢᠰᠬᠤᠯ ᠤᠨ ᠬᠤᠪᠢᠷᠠᠯᠲᠠ ᠶᠡᠭᠡ ᠦᠭᠡᠢ ᠪᠣᠯ ᠠᠯᠢᠪᠠ ᠨᠣᠮᠧᠷ ᠤᠨ ᠴᠠᠶᠢᠶ᠋ᠢᠦ ᠶᠢ ᠬᠠᠷᠢᠯᠴᠠᠨ | ᠰᠣᠯᠢᠵᠤ ᠬᠡᠷᠡᠭᠯᠡᠬᠦ ᠪᠣᠶᠣ ᠡᠰᠡᠭᠦᠯ᠎ᠡ ᠶᠠᠮᠠᠷ ᠨᠢᠭᠡᠨ ᠬᠠᠷᠢᠴᠠᠯ ᠢᠶᠠᠷ ᠰᠣᠯᠢᠨ ᠬᠡᠷᠡᠭᠯᠡᠵᠦ ᠪᠠᠰᠠ ᠪᠣᠯᠤᠨ᠎ᠠ᠃ | 2.ᠲᠣᠰᠤ ᠶᠢ ᠲᠤᠩᠭᠠᠬᠤ ᠦᠭᠡᠢ ᠪᠠᠷ ᠬᠡᠷᠡᠭᠯᠡᠬᠦ ᠶᠢ ᠴᠡᠭᠡᠷᠯᠡᠨ᠎ᠡ᠃ | 3.ᠲᠣᠰᠤ ᠶᠢ ᠱᠦᠭᠦᠬᠦ ᠦᠭᠡᠢ ᠬᠡᠷᠡᠭᠯᠡᠬᠦ ᠶᠢ ᠴᠡᠭᠡᠷᠯᠡᠨ᠎ᠡ᠃ | ︵1︶ ᠲᠣᠰᠤᠨ ᠰᠠᠪᠠᠨ ᠤ ᠲᠣᠰᠤ ᠶᠢ ᠱᠦᠭᠦᠬᠦ ᠪᠦᠰ ᠲᠠᠯᠪᠢᠵᠤ ᠱᠦᠭᠦᠬᠦ ᠵᠡᠷᠭᠡ ᠠᠷᠭ᠎ᠠ ᠪᠣᠢ᠃ | ︵2︶ ᠲᠣᠰᠤᠨ ᠬᠠᠶᠢᠷᠴᠠᠭ ᠲᠤ ᠲᠣᠰᠤ ᠨᠡᠮᠡᠵᠦ ᠱᠦᠭᠦᠬᠦ ᠪᠠ ᠬᠦᠳᠡᠯᠭᠡᠭᠦᠷ ᠬᠦᠭᠡᠷᠭᠡ ᠶᠢ ᠪᠢᠲᠡᠭᠦᠮᠵᠢᠯᠡᠨ | ᠲᠣᠰᠤ ᠨᠡᠮᠡᠬᠦ ᠠᠷᠭ᠎ᠠ ᠶᠢ ᠬᠡᠷᠡᠭᠯᠡᠬᠦ ᠃ ᠬᠡᠷᠪᠡ ᠲᠣᠰᠤᠨ ᠰᠣᠷᠤᠭᠤᠯ ᠪᠣᠶᠣ ᠲᠣᠰᠤᠨ ᠰᠠᠭᠤᠯᠠᠭ᠎ᠠ᠂ ᠲᠣᠰᠤᠨ | ᠳᠡᠪᠦᠷ᠎ᠡ ᠪᠠᠷ ᠲᠣᠰᠤ ᠨᠡᠮᠡᠪᠡᠯ ᠨᠢᠭᠡ ᠳᠠᠪᠬᠤᠷ ᠲᠡᠮᠦᠷ ᠲᠣᠣᠷ ᠳᠡᠭᠡᠷ᠎ᠡ ᠨᠢ ᠨᠢᠭᠡ ᠳᠠᠪᠬᠤᠷ ᠪᠦᠰ ᠲᠠᠯᠪᠢᠵᠤ ᠱᠦᠭᠦᠬᠦ | ᠠᠷᠭ᠎ᠠ ᠶᠢ ᠠᠪᠴᠤ ᠪᠣᠯᠤᠨ᠎ᠠ᠃ | 4.ᠲᠣᠰᠤ ᠨᠡᠮᠡᠬᠦ ᠬᠡᠷᠡᠭᠰᠡᠯ ᠤᠨ ᠴᠡᠪᠡᠷ ᠪᠠᠶᠢᠬᠤ ᠶᠢ ᠴᠡᠭᠡᠷᠯᠡᠨ᠎ᠡ᠃ ᠲᠣᠰᠤ ᠨᠡᠮᠡᠬᠦ ᠬᠡᠷᠡᠭᠰᠡᠯ ᠤᠳ ᠢ ᠵᠠᠪᠠᠯ | ᠬᠦᠩᠬᠡᠨ ᠴᠠᠶᠢᠶ᠋ᠢᠦ ᠪᠠᠷ ᠤᠬᠢᠶᠠᠨ ᠴᠡᠪᠡᠷᠯᠡᠵᠦ ᠬᠡᠷᠡᠭᠯᠡᠨ᠎ᠡ᠃ | 5.ᠲᠣᠰᠤ ᠨᠡᠮᠡᠬᠦ ᠲᠠᠭᠯᠠᠭ᠎ᠠ ᠪᠠ ᠠᠮᠠᠰᠠᠷ ᠢ ᠴᠢᠩᠭ᠎ᠠ ᠪᠢᠲᠡᠭᠦᠮᠵᠢᠯᠡᠭᠰᠡᠨ ᠦᠭᠡᠢ ᠪᠠᠶᠢᠬᠤ ᠶᠢ ᠴᠡᠭᠡᠷᠯᠡᠨ᠎ᠡ᠃ | 6.ᠲᠣᠰᠤᠨ ᠳᠤ ᠤᠰᠤ ᠬᠤᠯᠢᠬᠤ ᠶᠢ ᠴᠡᠭᠡᠷᠯᠡᠨ᠎ᠡ᠃ | 7.ᠲᠤᠨᠤᠳᠠᠰᠤ ᠶᠢ ᠭᠠᠷᠭᠠᠬᠤ ᠦᠭᠡᠢ ᠪᠠᠷ ᠵᠢᠶ᠋ᠢᠣ ᠰᠣᠯᠢᠬᠤ ᠶᠢ ᠴᠡᠭᠡᠷᠯᠡᠨ᠎ᠡ᠃ ᠦᠶᠡᠯᠡᠯ ᠠᠷᠠᠴᠢᠯᠠᠯᠲᠠ ᠳᠤ | ᠴᠠᠶᠢᠶ᠋ᠢᠦ ᠬᠠᠶᠢᠷᠴᠠᠭ ᠤᠨ ᠨᠠᠷᠢᠯᠢᠭ᠂ ᠪᠦᠳᠦᠭᠦᠯᠢᠭ ᠱᠦᠭᠦᠬᠦ ᠰᠠᠪᠠᠨ ᠳᠠᠬᠢ ᠲᠤᠨᠤᠳᠠᠰᠤ ᠶᠢ ᠠᠷᠢᠯᠭᠠᠵᠤ ᠭᠠᠷᠭᠠᠬᠤ︔ | ᠨᠢᠭᠡᠳᠤᠭᠡᠷ ᠳᠡᠰ ᠤᠨ ᠠᠷᠠᠴᠢᠯᠠᠯᠲᠠ ᠳᠤ ᠲᠣᠰᠤᠨ ᠳᠠᠪᠰᠢ ᠪᠠ ᠵᠢᠶ᠋ᠢᠣ ᠶᠢᠨ ᠪᠦᠳᠦᠭᠦᠯᠢᠭ ᠱᠦᠭᠦᠷᠡᠳᠡᠰᠤ ᠶᠢᠨ | ᠲᠤᠨᠤᠳᠠᠰᠤ ᠶᠢ ᠱᠦᠭᠦᠵᠦ ᠭᠠᠷᠭᠠᠬᠤ ᠶᠢᠨ ᠬᠠᠮᠳᠤ ᠲᠣᠰᠤᠨ ᠪᠣᠷᠳᠠᠭ ᠢ ᠴᠡᠪᠡᠷᠯᠡᠨ ᠠᠷᠢᠯᠭᠠᠬᠤ ᠬᠡᠷᠡᠭᠲᠡᠢ᠃ | 8.ᠲᠤᠨᠤᠳᠠᠰᠤ ᠲᠠᠢ ᠲᠣᠭᠤᠷᠢᠨ ᠳᠤ ᠲᠣᠰᠤ ᠨᠡᠮᠡᠬᠦ ᠶᠢ ᠴᠡᠭᠡᠷᠯᠡᠨ᠎ᠡ᠃ | 9.ᠲᠣᠰᠤ ᠭᠤᠭᠤᠵᠢᠬᠤ ᠶᠢ ᠴᠡᠭᠡᠷᠯᠡᠨ᠎ᠡ᠃ | 10.ᠭᠠᠯ ᠳᠡᠭᠡᠷ᠎ᠡ ᠲᠣᠰᠤ ᠪᠠᠨ ᠬᠠᠯᠠᠭᠠᠬᠤ ᠶᠢ ᠴᠡᠭᠡᠷᠯᠡᠨ᠎ᠡ᠃ |