ᠰᠢᠨᠵᠢᠯᠡᠬᠦ ᠤᠬᠠᠭᠠᠨ ᠤ ᠰᠢᠨ᠎ᠡ ᠮᠡᠳᠡᠭᠡ ᠵᠠᠩᠭᠢ
ᠨᠡᠶᠢᠲᠡᠯᠡᠭᠰᠡᠨ ᠴᠠᠭ᠄
2017/1/4
    ︽ᠮᠠᠰᠢᠨ ᠬᠦᠮᠦᠨ︾ ᠤ ᠬᠤᠭ ᠨᠣᠪᠰᠢᠨ ᠤ ᠰᠠᠭᠤᠯᠠᠭ᠎ᠠ    ᠹᠷᠠᠨᠼᠢ ᠶᠢᠨ ᠫᠠᠷᠢ ︵ᠫᠠᠷᠢᠰ︶ ᠶᠢᠨ ᠨᠢᠭᠡᠨ ᠮᠡᠷᠭᠡᠵᠢᠯ ᠤᠨ ᠠᠩᠬ᠎ᠠ ᠪᠦᠲᠦᠭᠡᠭᠴᠢ ᠺᠣᠮᠫᠠᠨᠢ ᠶᠢᠨ ᠬᠢᠨ ᠮᠠᠰᠢᠨ ᠬᠦᠮᠦᠨ ᠤ ᠬᠤᠭ ᠨᠣᠪᠰᠢᠨ ᠤ ᠰᠠᠭᠤᠯᠠᠭ᠎ᠠ ᠶᠢ ᠡᠭᠦᠳᠦᠨ ᠪᠦᠲᠤᠭᠡᠭᠰᠡᠨ ᠪᠠᠶᠢᠨ᠎ᠠ᠃ ᠲᠡᠷᠡ ᠨᠢ ᠪᠠᠭᠯᠠᠭ᠎ᠠ ᠴᠠᠭᠠᠰᠤ ᠪᠣᠶᠣ ᠪᠠᠨᠠᠨᠠ ᠶᠢᠨ ᠬᠠᠯᠢᠰᠤ ᠪᠠᠨ ᠱᠠᠯᠠ ᠳᠡᠭᠡᠷ᠎ᠡ ᠬᠠᠶᠠᠬᠤ ᠭᠡᠵᠦ ᠪᠠᠶᠢᠭ᠎ᠠ ᠪᠠᠶᠢᠳᠠᠯ ᠢ ᠤᠷᠢᠳᠴᠢᠯᠠᠨ ᠰᠡᠷᠡᠵᠦ ᠮᠡᠳᠡᠭᠡᠳ ᠬᠤᠭ ᠬᠠᠶᠠᠭᠴᠢ ᠶᠢᠨ ᠳᠡᠷᠭᠡᠳᠡ ᠵᠠᠪᠳᠤᠵᠤ ᠬᠦᠷᠴᠦ ᠣᠴᠢᠭᠠᠳ ᠬᠦᠯᠢᠶᠡᠨ ᠵᠣᠭᠰᠤᠴᠢᠬᠠᠳᠠᠭ᠃     ᠮᠠᠰᠢᠨ ᠬᠦᠮᠦᠨ  ᠪᠠᠯᠲᠤ ᠵᠦᠭᠡᠢ    ᠫᠤᠯᠠᠨᠳ᠋ ᠤᠨ ᠸᠠᠷᠱᠠᠸᠠ ᠶᠢᠨ ᠪᠠᠶᠢᠭᠠᠯᠢ ᠶᠢᠨ ᠰᠢᠨᠵᠢᠯᠡᠬᠦ ᠤᠬᠠᠭᠠᠨ ᠤ ᠶᠡᠭᠡ ᠰᠤᠷᠭᠠᠭᠤᠯᠢ ᠶᠢᠨ ᠰᠢᠨᠵᠢᠯᠡᠬᠦ ᠤᠬᠠᠭᠠᠨᠲᠠᠨ ᠬᠢᠮᠡᠯ ᠠᠷᠭ᠎ᠠ ᠪᠠᠷ ᠲᠣᠭᠤᠰᠤ ᠬᠦᠷᠲᠡᠭᠡᠬᠦ ᠮᠠᠰᠢᠨ ᠬᠦᠮᠦᠨ ᠤ ᠪᠠᠯᠲᠤ ᠵᠦᠭᠡᠢ ᠶᠢ ᠰᠣᠳᠤᠯᠤᠨ ᠪᠦᠲᠤᠭᠡᠭᠰᠡᠨ ᠪᠠᠶᠢᠨ᠎ᠠ᠃ ᠲᠡᠷᠡ ᠨᠢ ᠨᠢᠭᠡᠨ ᠵᠤᠶᠢᠯ ᠤᠨ ᠬᠤᠸᠠᠷ ᠴᠡᠴᠡᠭ ᠢ ᠡᠷᠢᠵᠦ ᠣᠯᠤᠭᠠᠳ᠂ ᠴᠡᠴᠡᠭ ᠤᠨ ᠲᠣᠭᠤᠰᠤ ᠴᠤᠭᠯᠠᠭᠤᠯᠬᠤ ᠪᠠ ᠴᠡᠴᠡᠭ ᠤᠨ ᠲᠣᠭᠤᠰᠤ ᠪᠠᠨ ᠡᠷ᠎ᠡ ᠲᠣᠭᠤᠷᠴᠤᠭᠲᠤ ᠴᠡᠴᠡᠭ ᠠᠴᠠ ᠡᠮ᠎ᠡ ᠲᠣᠭᠤᠷᠴᠤᠭᠲᠤ ᠴᠡᠴᠡᠭ ᠤᠨ ᠵᠦᠭ ᠰᠢᠯᠵᠢᠭᠦᠯᠬᠦ ᠠᠯᠢ ᠣᠯᠠᠨ ᠶᠠᠪᠤᠴᠠ ᠶᠢ ᠪᠡᠶᠡᠯᠡᠭᠦᠯᠬᠦ ᠪᠢᠴᠢᠯ ᠬᠡᠯᠪᠡᠷᠢ ᠶᠢᠨ ᠬᠦᠮᠦᠨ ᠦᠯᠦ ᠵᠢᠯᠤᠭᠤᠳᠬᠤ ᠮᠠᠰᠢᠨ ᠪᠣᠯᠤᠨ᠎ᠠ᠃ ᠲᠡᠭᠦᠨ ᠤ ᠲᠣᠭᠤᠰᠤ ᠬᠦᠷᠲᠡᠭᠡᠬᠦ ᠴᠢᠳᠠᠪᠤᠷᠢ ᠨᠢ ᠪᠠᠯᠲᠤ ᠵᠦᠭᠡᠢ ᠠᠴᠠ 10 ᠳᠠᠬᠢᠨ ᠢᠳᠡᠪᠬᠢ ᠪᠠᠶᠢᠵᠦ᠂ ᠲᠡᠷᠡ ᠨᠢ ᠪᠦᠬᠦ ᠪᠦᠮᠪᠦᠷᠴᠡᠭ ᠤᠨ ᠪᠠᠯᠲᠤ ᠵᠦᠭᠡᠢ ᠶᠢᠨ ᠲᠤᠭ᠎ᠠ ᠦᠷᠬᠦᠯᠵᠢᠯᠡᠨ ᠬᠤᠷᠤᠭᠳᠠᠵᠤ ᠪᠠᠶᠢᠬᠤ ᠬᠦᠨᠳᠦ ᠬᠡᠴᠡᠭᠦᠦ ᠪᠠᠶᠢᠳᠠᠯ ᠢ ᠠᠷᠭᠠᠴᠠᠬᠤ ᠳᠤ ᠨᠦᠬᠦᠴᠡᠯ ᠬᠠᠩᠭᠠᠨ ᠦᠭᠭᠦᠭᠰᠡᠨ ᠪᠠᠶᠢᠨ᠎ᠠ᠃     ᠬᠡᠶᠢᠯᠡᠬᠦ ᠤᠭᠤᠲᠠ ᠲᠠᠢ ᠠᠶᠠᠨ ᠤ ᠬᠠᠶᠢᠷᠴᠠᠭ    ᠳᠦᠭᠦᠷᠲᠡᠯ᠎ᠡ ᠶᠠᠭᠤᠮ᠎ᠠ ᠬᠢᠭᠰᠡᠨ ᠦᠭᠡᠢ ᠠᠶᠠᠨ ᠤ ᠬᠠᠶᠢᠷᠴᠠᠭ ᠢ ᠠᠳᠡ ᠲᠡᠨᠳᠡ ᠴᠢᠷᠦᠭᠡᠳ ᠶᠠᠪᠤᠪᠠᠯ ᠳᠣᠲᠤᠷᠠᠬᠢ ᠶᠠᠭᠤᠮ᠎ᠠ ᠨᠢ ᠨᠠᠰᠢ ᠴᠠᠰᠢ ᠪᠠᠨ ᠬᠦᠳᠡᠯᠦᠭᠡᠳ᠂ ᠬᠡᠷᠪᠡ ᠬᠠᠭᠠᠷᠠᠵᠤ ᠬᠡᠮᠬᠡᠷᠡᠬᠦ ᠶᠠᠭᠤᠮ᠎ᠠ ᠪᠠᠶᠢᠪᠠᠯ ᠡᠪᠳᠡᠷᠡᠵᠦ ᠰᠦᠢᠳᠴᠦ ᠮᠡᠳᠡᠳᠡᠭ᠃ ᠰᠢᠨ᠎ᠡ ᠬᠡᠯᠪᠡᠷᠢ ᠮᠠᠶ᠋ᠢᠭ ᠤᠨ ᠬᠡᠶᠢᠯᠡᠬᠦ ᠤᠭᠤᠲᠠ ᠲᠠᠢ ᠠᠶᠠᠨ ᠤ ᠬᠠᠶᠢᠷᠴᠠᠭ ᠨᠢ ᠢᠷᠤᠭᠠᠷ ᠤᠨ ᠬᠡᠰᠡᠭ ᠲᠡᠭᠡᠨ ᠬᠡᠳᠤ ᠬᠡᠳᠤᠨ ᠬᠡᠶᠢᠯᠡᠬᠦ ᠤᠭᠤᠲᠠ ᠲᠠᠢ ᠪᠠᠶᠢᠵᠤ᠂ ᠳᠣᠲᠤᠷᠠᠬᠢ ᠶᠠᠭᠤᠮ᠎ᠠ ᠨᠢ ᠳᠦᠭᠦᠷᠤᠭ᠍ᠰᠡᠨ ᠦᠭᠡᠢ ᠪᠠᠶᠢᠪᠠᠯ᠂ ᠲᠠᠲᠠᠭᠤᠷ ᠰᠠᠪᠠᠭ᠎ᠠ ᠶᠢ ᠨᠢ ᠳᠡᠭᠡᠭᠰᠢ ᠪᠠᠨ ᠳᠣᠷᠤᠭᠰᠢ ᠪᠠᠨ ᠲᠦᠷᠭᠡᠨ ᠬᠤᠷᠲᠤᠴᠠ ᠪᠠᠷ ᠬᠡᠳᠤᠨᠲᠡ ᠲᠠᠲᠠᠪᠠᠯ᠂ ᠤᠭᠤᠲᠠ ᠨᠢ ᠬᠡᠶᠢᠯᠡᠭᠳᠡᠵᠦ᠂ ᠳᠤᠲᠤᠷᠠᠬᠢ ᠶᠠᠭᠤᠮ᠎ᠠ ᠬᠡᠥᠮ᠎ᠡ ᠶᠢᠨ ᠬᠠᠷᠢᠯᠴᠠᠨ ᠮᠦᠷᠭᠦᠯᠳᠦᠬᠦ ᠠᠴᠠ ᠰᠡᠷᠭᠡᠶᠢᠯᠡᠵᠦ ᠪᠣᠯᠳᠠᠭ᠃     ᠤᠶᠤᠨᠴᠢ ᠲᠣᠯᠤᠭᠠᠢ ᠶᠢᠨ ᠴᠠᠭᠠᠷᠢᠭ    ᠣᠶᠢᠷ᠎ᠠ ᠳᠤ᠂ ᠠᠮᠧᠷᠢᠺᠠ ᠶᠢᠨ ᠬᠢᠨ ᠨᠢᠭᠡᠨ ᠤᠶᠤᠨᠴᠢ ᠲᠣᠯᠤᠭᠠᠢ ᠶᠢᠨ ᠴᠠᠭᠠᠷᠢᠭ ᠢ ᠰᠣᠳᠤᠯᠤᠨ ᠪᠦᠲᠤᠭᠡᠵᠡᠢ᠃ ᠲᠡᠷᠡ ᠨᠢ ᠳᠣᠣᠷ᠎ᠠ ᠡᠨᠧᠷᠬᠢᠲᠤ ᠬᠦᠬᠡ ᠮᠡᠷᠭᠡᠵᠢᠯ ᠤᠨ ᠤᠭᠰᠠᠷᠠᠮᠠᠯ ᠬᠡᠰᠡᠭ ᠢ ᠠᠪᠴᠤ ᠬᠡᠷᠡᠭᠯᠡᠨ᠂ ᠤᠶᠤᠨᠴᠢ ᠭᠠᠷ ᠮᠠᠰᠢᠨ ᠲᠠᠢ ᠢᠵᠢᠯ ᠠᠯᠬᠤᠮ ᠲᠠᠢ ᠪᠠᠶᠢᠵᠤ᠂ ᠭᠠᠷ ᠮᠠᠰᠢᠨ ᠤ APP ᠳᠤ ᠲᠦᠰᠢᠭᠯᠡᠵᠦ ᠪᠠᠶᠢᠭᠠᠳ ᠨᠣᠶᠢᠷ ᠤᠨ ᠪᠠᠶᠢᠳᠠᠯ ᠢ ᠰᠢᠯᠭᠠᠨ ᠪᠠᠶᠢᠴᠠᠭᠠᠬᠤ᠂ ᠨᠣᠶᠢᠷ ᠤᠨ ᠪᠠᠶᠢᠳᠠᠯ ᠢ ᠵᠠᠳᠠᠯᠤᠨ ᠰᠢᠨᠵᠢᠯᠡᠬᠦ ᠵᠡᠷᠭᠡ ᠡᠭᠦᠷᠭᠡ ᠶᠢ ᠭᠦᠢᠴᠡᠳᠭᠡᠬᠦ ᠶᠢᠨ ᠬᠠᠮᠲᠤ ᠲᠣᠯᠤᠭᠠᠢ ᠶᠢᠨ ᠴᠠᠭᠠᠷᠢᠭ ᠤᠨ ᠬᠡᠰᠡᠭ ᠤᠨ ᠠᠵᠢᠯᠯᠠᠭᠠᠨ ᠢ ᠡᠵᠡᠮᠳᠡᠳᠡᠭ ᠪᠠᠶᠢᠨ᠎ᠠ᠃ ᠲᠡᠷᠡ ᠲᠣᠯᠤᠭᠠᠢ ᠶᠢᠨ ᠴᠠᠭᠠᠷᠢᠭ ᠨᠢ ᠬᠦᠮᠦᠨ ᠤ ᠨᠢᠳᠦᠨ ᠤᠬᠤᠷᠬᠠᠢ ᠶᠢᠨ ᠬᠠᠮᠤᠭ ᠤᠨ ᠲᠣᠬᠢᠷᠠᠮᠵᠢᠲᠠᠢ ᠣᠷᠤᠨ ᠪᠠᠶᠢᠷᠢ ᠶᠢᠨ ᠬᠡᠰᠡᠭ ᠲᠤ 4LED ᠭᠡᠷᠡᠯ ᠭᠠᠷᠬᠤ ᠬᠤᠭᠤᠯᠠᠢ ᠤᠭᠰᠠᠷᠠᠨ ᠲᠠᠭᠠᠷᠠᠭᠤᠯᠵᠤ᠂ ᠤᠨᠲᠠᠵᠤ ᠪᠠᠶᠢᠬᠤ ᠦᠶ᠎ᠡ ᠳᠤ ᠴᠠᠭ  ᠲᠤᠨᠢ ᠵᠣᠬᠢᠴᠠᠭᠤᠯᠵᠤ᠂ ᠬᠠᠷᠠᠭᠠᠨ ᠤ ᠮᠡᠳᠡᠷᠡᠯ ᠤᠨ ᠳᠣᠬᠢᠶ᠎ᠠ ᠦᠭᠴᠦ ᠨᠣᠶᠢᠷᠰᠤᠭᠤᠯᠬᠤ ᠵᠦᠭ ᠬᠦᠲᠦᠯᠳᠡᠭ ᠪᠠᠶᠢᠨ᠎ᠠ                                                          ᠲᠦᠮᠬᠠᠦᠯᠵᠡᠢ        
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号