ᠬᠤᠨᠢᠨ ᠤ ᠦᠷᠡᠵᠢᠯ ᠤᠨ ᠴᠢᠳᠠᠪᠦᠷᠢ ᠶᠢ ᠨᠦᠯᠦᠭᠡᠯᠡᠬᠦ ᠡᠯᠧᠮᠧᠨ᠋ᠲ ᠵᠢᠴᠢ ᠳᠡᠭᠡᠭᠰᠢᠯᠡᠭᠦᠯᠬᠦ ᠠᠷᠭ᠎ᠠ
ᠨᠡᠶᠢᠲᠡᠯᠡᠭᠰᠡᠨ ᠴᠠᠭ᠄
2017/1/5
    ᠬᠤᠨᠢᠨ ᠤ ᠦᠷᠡᠵᠢᠯ ᠤᠨ ᠴᠢᠳᠠᠪᠦᠷᠢ ᠭᠡᠳᠡᠭ ᠨᠢ ᠬᠤᠨᠢᠨ ᠤ ᠬᠤᠶᠢᠴᠢ ᠦᠶ᠎ᠡ ᠪᠠᠨ ᠦᠷᠡᠵᠢᠭᠦᠯᠬᠦ ᠴᠢᠳᠠᠪᠦᠷᠢ ᠶᠢ ᠵᠢᠭᠠᠨ᠎ᠠ᠃ ᠬᠤᠨᠢᠨ ᠤ ᠦᠷᠡᠵᠢᠯ ᠤᠨ ᠴᠢᠳᠠᠪᠦᠷᠢ ᠨᠢ ᠤᠳᠤᠮᠰᠢᠯ᠂ ᠰᠢᠮ᠎ᠡ ᠲᠡᠵᠢᠭᠡᠯ᠂ ᠨᠠᠰᠤ ᠵᠢᠴᠢ ᠪᠣᠰᠤᠳ ᠭᠠᠳᠠᠭᠠᠲᠤ ᠣᠷᠴᠢᠨ ᠤ ᠨᠦᠭᠦᠴᠡᠯ ︵ ᠵᠢᠱᠢᠶᠡᠯᠡᠪᠡᠯ ᠭᠡᠷᠡᠯ ᠤᠨ ᠳᠤᠰᠤᠯᠲᠠ᠂ ᠳᠤᠯᠠᠭᠠᠨ ᠤ ᠬᠡᠮᠵᠢᠶ᠎ᠡ︶  ᠤᠨ ᠨᠦᠯᠦᠭᠡᠯᠡᠯ ᠢ ᠬᠦᠷᠲᠡᠨ᠎ᠡ᠃ ᠡᠶᠢᠮᠦ ᠠᠴᠠ ᠬᠤᠨᠢᠨ ᠤ ᠦᠷᠡᠵᠢᠯ ᠤᠨ ᠴᠢᠳᠠᠪᠦᠷᠢ ᠶᠢ ᠳᠡᠭᠡᠭᠰᠢᠯᠡᠭᠦᠯᠬᠦ ᠳᠤ᠂ ᠡᠭᠦᠯᠳᠡᠷ ᠰᠤᠩᠭᠤᠨ ᠬᠡᠬᠡᠯᠳᠦᠭᠦᠯᠬᠦ  ᠂ ᠡᠷᠯᠢᠰᠡᠵᠢᠭᠦᠯᠦᠨ ᠡᠭᠦᠯᠳᠡᠷ ᠰᠠᠶᠢᠵᠢᠷᠠᠭᠤᠯᠬᠤ ᠪᠣᠯᠤᠨ ᠤᠳᠤᠮᠰᠢᠯ ᠤᠨ ᠦᠪᠡᠷᠮᠢᠴᠡ ᠴᠢᠨᠠᠷ ᠢ ᠨᠢ ᠦᠭᠡᠷᠡᠴᠢᠯᠡᠬᠦ ᠪᠠᠷ ᠳᠠᠮᠵᠢᠨ ᠶᠠᠪᠤᠭᠳᠠᠭᠤᠯᠬᠤ ᠶᠢᠨ ᠬᠠᠮᠲᠤ ᠪᠠᠰᠠ ᠠᠷᠠᠴᠢᠯᠠᠭ᠎ᠠ ᠬᠠᠮᠢᠶᠠᠷᠤᠯᠲᠠ᠂ ᠦᠷᠡᠵᠢᠭᠦᠯᠦᠭᠡ ᠶᠢᠨ ᠮᠡᠷᠭᠡᠵᠢᠯ ᠪᠣᠯᠤᠨ ᠭᠠᠳᠠᠭᠠᠳᠤ ᠣᠷᠴᠢᠨ ᠲᠣᠭᠤᠷᠢᠨ ᠤ ᠨᠦᠬᠦᠴᠡᠯ ᠢ ᠬᠤᠪᠢᠷᠠᠭᠤᠯᠬᠤ ᠶᠢ ᠵᠣᠬᠢᠬᠤ ᠬᠡᠮᠵᠢᠶ᠎ᠡ ᠪᠠᠷ ᠴᠢᠬᠤᠯᠠᠴᠢᠯᠠᠨ ᠦᠵᠡᠬᠦ ᠬᠡᠷᠡᠭᠲᠡᠢ᠃     ᠨᠢᠭᠡ᠂ ᠨᠦᠯᠦᠭᠡᠯᠡᠬᠦ ᠡᠯᠧᠮᠧᠨ᠋ᠲ    1.ᠤᠳᠤᠮᠰᠢᠯ    ᠠᠳᠠᠯᠢ ᠪᠣᠰᠤ ᠡᠭᠦᠯᠳᠡᠷ ᠤᠨ ᠬᠤᠨᠢᠨ ᠤ ᠦᠷᠡᠵᠢᠯ ᠤᠨ ᠴᠢᠳᠠᠪᠦᠷᠢ ᠶᠢᠨ ᠵᠦᠷᠢᠶ᠎ᠡ ᠨᠢ ᠨᠡᠯᠢᠶᠡᠳ ᠶᠡᠭᠡ ᠪᠠᠶᠢᠳᠠᠭ ᠃ ᠶᠡᠷᠤᠳᠡᠭᠡᠨ ᠤᠮᠠᠷᠠᠳᠤ ᠣᠷᠤᠨ ᠤ ᠮᠠᠯᠵᠢᠬᠤ ᠣᠷᠤᠨ ᠳᠤ ᠬᠤᠨᠢ ᠨᠢᠭᠡ ᠵᠢᠯ ᠳᠤ ᠨᠢᠭᠡ ᠤᠳᠠᠭ᠎ᠠ ᠲᠦᠯᠯᠡᠨ᠎ᠡ᠂ ᠭᠡᠲᠡᠯ᠎ᠡ ᠬᠤᠶᠠᠩ ᠬᠤᠨᠢ᠂ ᠪᠠᠭ᠎ᠠ ᠰᠡᠭᠦᠯᠲᠦ ᠬᠤᠶᠠᠩ ᠬᠤᠨᠢ ᠨᠢ ᠨᠢᠭᠡ ᠵᠢᠯ ᠳᠤ ᠨᠢᠭᠡ ᠬᠤᠶᠠᠷ ᠤᠳᠠᠭ᠎ᠠ ᠲᠦᠯᠯᠡᠬᠦ ᠪᠣᠶᠣ ᠬᠤᠶᠠᠷ ᠵᠢᠯ ᠳᠤ ᠭᠤᠷᠪᠠ ᠤᠳᠠᠭ᠎ᠠ ᠲᠦᠯᠯᠡᠨ᠎ᠡ᠂ ᠣᠯᠠᠩᠬᠢ ᠳᠠᠭᠠᠨ ᠢᠭᠡᠷ᠎ᠡ ᠲᠦᠯ ᠲᠦᠯᠯᠡᠵᠦ᠂ ᠵᠠᠷᠢᠮ ᠨᠢ ᠨᠢᠭᠡ ᠤᠳᠠᠭ᠎ᠠ ᠳᠤ 4-5 ᠲᠦᠯ ᠲᠦᠯᠯᠡᠨ᠎ᠡ᠃ ᠡᠭᠦᠯᠳᠡᠷ ᠰᠤᠩᠭᠤᠬᠤ ᠪᠠᠷ ᠳᠠᠮᠵᠢᠨ ᠬᠤᠨᠢᠨ ᠤ ᠣᠯᠠᠨ ᠲᠦᠯᠲᠤ ᠴᠢᠨᠠᠷ ᠢ ᠪᠦᠲᠤᠮᠵᠢᠲᠠᠢ ᠳᠡᠭᠡᠭᠰᠢᠯᠡᠭᠦᠯᠵᠦ ᠳᠡᠶᠢᠯᠤᠨ᠎ᠡ᠃    2.ᠰᠢᠮ᠎ᠡ ᠲᠡᠵᠢᠭᠡᠯ    ᠰᠢᠮ᠎ᠡ ᠲᠡᠵᠢᠭᠡᠯ ᠤᠨ ᠨᠦᠬᠦᠴᠡᠯ ᠨᠢ ᠬᠤᠨᠢᠨ ᠤ ᠦᠷᠡᠵᠢᠯ ᠤᠨ ᠴᠢᠳᠠᠪᠦᠷᠢ ᠶᠢ ᠶᠡᠭᠡ ᠬᠡᠮᠵᠢᠶ᠎ᠡ ᠪᠠᠷ ᠨᠦᠯᠦᠭᠡᠯᠡᠨ᠎ᠡ᠃ ᠠᠷᠠᠴᠢᠯᠠᠭ᠎ᠠ ᠲᠡᠵᠢᠭᠡᠯᠭᠡ ᠶᠢ ᠴᠢᠩᠭᠠᠳᠬᠠᠬᠤ ᠪᠣᠯ ᠬᠤᠨᠢᠨ ᠤ ᠦᠷᠡᠵᠢᠯ ᠤᠨ ᠴᠢᠳᠠᠪᠦᠷᠢ ᠶᠢ ᠳᠡᠭᠡᠭᠰᠢᠯᠡᠭᠦᠯᠬᠦ ᠪᠦᠲᠤᠮᠵᠢᠲᠡᠢ ᠠᠷᠭ᠎ᠠ ᠬᠡᠮᠵᠢᠶ᠎ᠡ ᠪᠣᠯᠤᠨ᠎ᠠ᠃ ᠬᠡᠬᠡᠯᠳᠦᠭᠦᠯᠬᠦ ᠠᠴᠠ ᠡᠮᠦᠨ᠎ᠡ 2-3 ᠭᠠᠷᠠᠭ ᠲᠤ ᠡᠮ᠎ᠡ ᠬᠤᠨᠢ ᠶᠢ ᠤᠬᠤᠷᠬᠠᠨ ᠬᠤᠭᠤᠴᠠᠭ᠎ᠠ ᠨᠠᠷᠢᠯᠢᠭ ᠠᠷᠠᠴᠢᠯᠠᠪᠠᠯ᠂ ᠡᠮ᠎ᠡ ᠬᠤᠨᠢᠨ ᠤ ᠦᠨᠳᠡᠭᠡ ᠭᠠᠳᠠᠭᠰᠢᠯᠠᠭᠤᠯᠬᠤ ᠨᠤᠷᠮ᠎ᠠ ᠶᠢ ᠳᠡᠭᠡᠭᠰᠢᠯᠡᠭᠦᠯᠵᠦ ᠳᠡᠶᠢᠯᠦᠨ᠎ᠡ᠃ ᠪᠡᠶ᠎ᠡ ᠬᠦᠢᠴᠡᠭᠰᠡᠨ ᠡᠮ᠎ᠡ ᠬᠤᠨᠢᠨ ᠳᠤ ᠸᠢᠲ᠋ᠠᠮᠢᠨ ᠳᠤᠲᠠᠪᠠᠯ ᠦᠨᠳᠡᠭᠡ ᠭᠠᠳᠠᠭᠰᠢᠯᠠᠭᠤᠯᠬᠤ ᠲᠤᠭ᠎ᠠ ᠶᠢ ᠪᠠᠭᠠᠰᠬᠠᠨ᠎ᠠ᠃    3.ᠳᠤᠯᠠᠭᠠᠨ ᠤ ᠬᠡᠮᠵᠢᠶ᠎ᠡ    ᠵᠤᠨ ᠤ ᠤᠯᠠᠷᠢᠯ ᠳᠤ ᠠᠭᠤᠷ ᠠᠮᠢᠰᠬᠤᠯ ᠠᠭᠠᠬᠢᠮ᠎ᠠ ᠬᠠᠯᠠᠭᠤᠨ ᠦᠶᠡᠰ ᠵᠠᠷᠢᠮ ᠡᠭᠦᠯᠳᠡᠷ ᠤᠨ ᠬᠤᠴᠠ ᠨᠢ ᠪᠦᠷᠢᠮᠦᠰᠤᠨ ᠦᠷᠡᠵᠢᠬᠦ ᠦᠭᠡᠢ ᠪᠣᠶᠣ ᠦᠷᠡᠵᠢᠯ ᠤᠨ ᠴᠢᠳᠠᠪᠦᠷᠢ ᠨᠢ ᠳᠣᠷᠤᠭᠰᠢᠯᠠᠬᠤ ᠦᠵᠡᠭᠳᠡᠯ ᠲᠠᠢ ᠪᠣᠯᠵᠤ᠂ ᠢᠯᠡᠷᠡᠯ ᠨᠢ ᠦᠷ᠎ᠡ ᠬᠠᠷᠪᠤᠬᠤ ᠬᠡᠮᠵᠢᠶ᠎ᠡ ᠨᠢ ᠪᠠᠭᠠᠰᠬᠤ᠂ ᠦᠷ᠎ᠡ ᠶᠢᠨ ᠠᠮᠢᠳᠤᠷᠠᠬᠤ ᠨᠤᠷᠮ᠎ᠠ ᠨᠢ ᠳᠣᠷᠤᠭᠰᠢᠯᠠᠬᠤ᠂ ᠲᠤᠭ᠎ᠠ ᠬᠡᠮᠵᠢᠶ᠎ᠡ ᠨᠢ ᠪᠠᠭᠠᠰᠬᠤ᠂ ᠵᠠᠷᠠᠮᠳᠡᠭ ᠦᠷ᠎ᠡ ᠪᠣᠶᠣ ᠦᠬᠦᠭᠰᠡᠨ ᠦᠷ᠎ᠡ ᠶᠢᠨ ᠬᠠᠷᠢᠴᠠᠯ ᠨᠢ ᠳᠡᠭᠡᠭᠰᠢᠯᠡᠳᠡᠭ᠃    4.ᠨᠠᠰᠤ    ᠡᠮ᠎ᠡ ᠬᠤᠨᠢᠨ ᠤ ᠲᠦᠯᠯᠡᠬᠦ ᠨᠤᠷᠮ᠎ᠠ ᠨᠢ ᠣᠯᠠᠩᠬᠢ ᠳᠠᠭᠠᠨ ᠨᠠᠰᠤ ᠶᠢ ᠳᠠᠭᠠᠯᠳᠤᠨ ᠳᠡᠭᠡᠭᠰᠢᠯᠡᠨ᠎ᠡ᠂ 3-6 ᠨᠠᠰᠤᠨ ᠤ ᠬᠤᠨᠢᠨ ᠤ ᠦᠷᠡᠵᠢᠯ ᠤᠨ ᠴᠢᠳᠠᠪᠦᠷᠢ ᠨᠢ ᠬᠠᠮᠤᠭ ᠦᠨᠳᠤᠷ᠃ ᠬᠤᠴᠠ ᠶᠢᠨ ᠦᠷᠡᠵᠢᠯ ᠤᠨ ᠴᠢᠳᠠᠪᠦᠷᠢ  ᠨᠢ ᠶᠡᠷᠤᠳᠡᠭᠡᠨ 5-6 ᠨᠠᠰᠤᠨ ᠤ ᠦᠶᠡᠰ ᠣᠷᠬᠢᠯ ᠳᠠᠭᠠᠨ ᠬᠦᠷᠤᠨ᠎ᠡ᠃ ᠡᠮ᠎ᠡ ᠬᠤᠨᠢ ᠪᠣᠶᠣ ᠬᠤᠴᠠ ᠶᠢᠨ ᠠᠯᠢ ᠨᠢ ᠴᠤ 7 ᠨᠠᠰᠤ ᠠᠴᠠ ᠳᠡᠭᠡᠭᠰᠢ ᠪᠣᠯᠪᠠᠯ ᠦᠷᠡᠵᠢᠯ ᠤᠨ ᠴᠢᠳᠠᠪᠦᠷᠢ ᠨᠢ ᠢᠳᠡᠭ ᠢᠳᠡᠭ ᠢᠶᠠᠷ ᠳᠣᠷᠤᠭᠰᠢᠯᠠᠨ᠎ᠠ᠃    ᠬᠤᠶᠠᠷ᠂ ᠦᠷᠡᠵᠢᠯ ᠤᠨ ᠴᠢᠳᠠᠪᠦᠷᠢ ᠶᠢ ᠳᠡᠭᠡᠭᠰᠢᠯᠡᠬᠦᠯᠬᠦ ᠠᠷᠭ᠎ᠠ    1.ᠠᠷᠠᠴᠢᠯᠠᠭ᠎ᠠ ᠬᠠᠮᠢᠶᠠᠷᠤᠯᠲᠠ ᠶᠢ ᠰᠠᠶᠢᠵᠢᠷᠠᠭᠤᠯᠬᠤ    ᠰᠢᠮ᠎ᠡ ᠲᠡᠵᠢᠭᠡᠯ ᠤᠨ ᠨᠦᠬᠦᠴᠡᠯ ᠤᠨ ᠬᠤᠨᠢᠨ ᠰᠦᠷᠦᠭ ᠤᠨ ᠦᠷᠡᠵᠢᠯ ᠤᠨ ᠴᠢᠳᠠᠪᠦᠷᠢ ᠳᠤ ᠦᠵᠡᠭᠦᠯᠬᠦ ᠨᠦᠯᠦᠭᠡ ᠨᠢ ᠨᠡᠯᠢᠶᠡᠳ ᠢᠯᠡᠷᠬᠡᠢ ᠪᠠᠶᠢᠳᠠᠭ᠃ ᠬᠤᠨᠢᠨ ᠤ ᠰᠢᠮ᠎ᠡ ᠲᠡᠵᠢᠭᠡᠯ ᠤᠨ ᠪᠠᠶᠢᠳᠠᠯ ᠢ ᠰᠠᠶᠢᠵᠢᠷᠠᠭᠤᠯᠬᠤ ᠪᠣᠯ ᠦᠷᠡᠵᠢᠯ ᠤᠨ ᠴᠢᠳᠠᠪᠦᠷᠢ ᠶᠢ ᠳᠡᠭᠡᠭᠰᠢᠯᠡᠭᠦᠯᠬᠦ ᠪᠦᠲᠤᠮᠵᠢᠲᠠᠢ ᠠᠷᠭ᠎ᠠ ᠮᠦᠨ᠃ ᠬᠡᠬᠡᠯᠳᠦᠭᠦᠯᠬᠦ ᠠᠴᠠ ᠡᠮᠦᠨ᠎ᠡ ᠬᠢᠭᠡᠳ ᠬᠡᠬᠡᠯᠳᠦᠭᠦᠯᠬᠦ ᠬᠤᠭᠤᠴᠠᠭᠠᠨ ᠳᠤ᠂ ᠬᠤᠨᠢᠨ ᠳᠤ ᠤᠭᠤᠷᠠᠭ᠂ ᠸᠢᠲ᠋ᠠᠮᠢᠨ ᠬᠢᠭᠡᠳ ᠪᠢᠴᠢᠯ ᠡᠯᠧᠮᠧᠨ᠋ᠲ ᠵᠡᠷᠭᠡ ᠶᠢᠨ ᠬᠠᠩᠭᠠᠯᠭ᠎ᠠ ᠶᠢ ᠪᠠᠲᠤᠯᠠᠬᠤ ᠬᠡᠷᠡᠭᠲᠡᠢ᠃ ᠡᠭᠦᠯᠳᠡᠷ ᠤᠨ ᠬᠤᠴᠠ ᠶᠢᠨ ᠰᠢᠮ᠎ᠡ ᠲᠡᠵᠢᠭᠡᠯ ᠤᠨ ᠬᠡᠮᠵᠢᠶ᠎ᠡ ᠨᠢ ᠬᠡᠬᠡᠯᠳᠦᠬᠦ ᠨᠣᠷᠮ᠎ᠠ᠂ ᠲᠦᠯᠯᠡᠬᠦ ᠨᠤᠷᠮ᠎ᠠ ᠪᠠ ᠰᠠᠶ᠋ᠢ ᠲᠦᠷᠤᠭ᠍ᠰᠡᠨ ᠲᠦᠯ ᠤᠨ ᠬᠦᠨᠳᠦ ᠪᠣᠯᠤᠨ ᠬᠤᠷᠠᠭᠠᠨ ᠤ ᠰᠦ ᠠᠴᠠ ᠰᠠᠯᠬᠤ ᠦᠶ᠎ᠡ ᠶᠢᠨ ᠬᠦᠨᠳᠦ ᠳᠤ ᠪᠦᠷ ᠨᠦᠯᠦᠭᠡ ᠪᠣᠯᠳᠠᠭ᠃ ᠡᠭᠦᠯᠳᠡᠷ ᠤᠨ ᠬᠤᠴᠠ ᠶᠢᠨ ᠰᠢᠮ᠎ᠡ ᠲᠡᠵᠢᠭᠡᠯ ᠢ ᠬᠡᠬᠡᠯᠳᠦᠭᠦᠯᠭᠡ ᠬᠢᠬᠦ ᠠᠴᠠ ᠰᠠᠷ᠎ᠠ ᠬᠠᠭᠠᠰ ᠤᠨ ᠡᠮᠦᠨ᠎ᠡ ᠡᠬᠢᠯᠡᠵᠦ ᠪᠡᠯᠡᠳᠭᠡᠬᠦ ᠬᠡᠷᠡᠭᠲᠡᠢ᠃ ᠪᠦᠷᠢᠨ ᠦᠷᠳᠡᠭᠲᠦ᠂ ᠰᠢᠮ᠎ᠡ ᠲᠡᠵᠢᠭᠡᠯ ᠤᠨ ᠪᠣᠳᠠᠰ ᠢᠶᠠᠷ ᠬᠤᠴᠠ ᠶᠢ ᠲᠡᠵᠢᠭᠡᠪᠡᠯ᠂ ᠭᠡᠭᠡᠯ ᠲᠣᠭᠲᠠᠬᠤ ᠨᠤᠷᠮ᠎ᠠ᠂ ᠲᠦᠯᠯᠡᠬᠦ ᠨᠤᠷᠮ᠎ᠠ ᠨᠢ ᠪᠦᠷ ᠦᠨᠳᠤᠷ ᠪᠠᠶᠢᠳᠠᠭ᠃ ᠡᠮ᠎ᠡ ᠬᠤᠨᠢ ᠶᠢ ᠬᠡᠬᠡᠯᠳᠦᠭᠦᠯᠬᠦ ᠠᠴᠠ ᠡᠮᠦᠨ᠎ᠡ 2-3 ᠭᠠᠷᠠᠭ ᠲᠤ ᠰᠢᠮ᠎ᠡ ᠲᠡᠵᠢᠭᠡᠯ ᠢ ᠨᠢ ᠴᠢᠩᠭᠠᠳᠬᠠᠪᠠᠯ᠂ ᠡᠮ᠎ᠡ ᠬᠤᠨᠢᠨ ᠤ ᠣᠷᠤᠭ᠎ᠠ ᠣᠷᠤᠬᠤ ᠨᠢ ᠵᠢᠭᠲᠡ ᠮᠦᠷᠲᠡᠭᠡᠨ ᠪᠠᠰᠠ ᠦᠨᠳᠡᠭᠡ ᠭᠠᠳᠠᠭᠰᠢᠯᠠᠬᠤ ᠲᠤᠭ᠎ᠠ ᠨᠢ ᠨᠡᠮᠡᠭᠳᠡᠨ᠂ ᠬᠡᠬᠡᠯᠳᠦᠬᠦ ᠨᠣᠷᠮ᠎ᠠ ᠨᠢ ᠴᠤ ᠳᠡᠭᠡᠭᠰᠢᠯᠡᠨ᠎ᠡ᠃ ᠠᠯᠢ ᠨᠢᠭᠡᠨ ᠪᠢᠴᠢᠯ ᠡᠯᠧᠮᠧᠨ᠋ᠲ ᠨᠢ ᠬᠡᠳᠤ ᠳᠤᠲᠠᠭᠳᠠᠪᠠᠯ᠂ ᠬᠤᠨᠢᠨ ᠤ ᠡᠯ᠎ᠡ ᠵᠤᠶᠢᠯ ᠤᠨ ᠦᠨᠳᠤᠰᠤᠨ ᠴᠢᠳᠠᠪᠦᠷᠢ ᠶᠢ ᠪᠦᠷ ᠨᠦᠯᠦᠭᠡᠯᠡᠨ᠎ᠡ  ᠂ ᠡᠭᠦᠨ ᠳᠤ ᠦᠷᠡᠵᠢᠯ ᠤᠨ ᠴᠢᠳᠠᠪᠦᠷᠢ ᠵᠡᠷᠭᠡ ᠶᠢ ᠪᠠᠭᠲᠠᠭᠠᠨ᠎ᠠ᠃     2.ᠡᠭᠦᠯᠳᠡᠷ ᠤᠨ ᠰᠤᠩᠭᠤᠯᠲᠠ ᠪᠠ ᠰᠤᠩᠭᠤᠨ ᠬᠡᠬᠡᠯᠳᠦᠭᠦᠯᠬᠦ ᠶᠢ ᠴᠢᠩᠭᠠᠳᠬᠠᠬᠤᠡᠭᠦᠯᠳᠡᠷ ᠤᠨ ᠬᠤᠴᠠ ᠶᠢ ᠰᠤᠩᠭᠤᠬᠤ ᠳᠠᠭᠠᠨ ᠦᠷᠡᠵᠢᠯ ᠤᠨ ᠴᠢᠳᠠᠪᠦᠷᠢ ᠪᠠᠷ ᠦᠨᠳᠤᠷ ᠡᠮ᠎ᠡ ᠬᠤᠨᠢᠨ ᠤ ᠬᠤᠶᠢᠴᠢ ᠦᠶ᠎ᠡ ᠶᠢ ᠰᠤᠩᠭᠤᠨ᠎ᠠ︔ ᠡᠮ᠎ᠡ ᠬᠤᠨᠢᠨ ᠤ ᠰᠤᠩᠭᠤᠯᠲᠠ ᠶᠢ ᠴᠢᠩᠭᠠᠳᠬᠠᠨ᠂ ᠦᠷᠡᠵᠢᠯ ᠤᠨ ᠴᠢᠳᠠᠪᠦᠷᠢ ᠨᠢ ᠴᠢᠩᠭ᠎ᠠ ᠡᠮ᠎ᠡ ᠬᠤᠨᠢ ᠶᠢ ᠰᠤᠩᠭᠤᠨ᠎ᠠ᠃ ᠡᠮ᠎ᠡ ᠬᠤᠨᠢᠨ ᠤ ᠲᠦᠯᠯᠡᠬᠦ ᠨᠤᠷᠮ᠎ᠠ ᠨᠢ ᠨᠠᠰᠤ ᠶᠢ ᠳᠠᠭᠠᠯᠳᠤᠨ ᠬᠤᠪᠢᠷᠠᠨ᠎ᠠ᠃ ᠣᠯᠠᠩᠬᠢ ᠳᠠᠭᠠᠨ 4-5 ᠨᠠᠰᠤ ᠶᠢᠨ ᠦᠶᠡᠰ ᠢᠭᠡᠷᠡᠯᠡᠬᠦ ᠨᠤᠷᠮ᠎ᠠ ᠨᠢ ᠬᠠᠮᠤᠭ ᠦᠨᠳᠤᠷ ᠪᠠᠶᠢᠵᠤ᠂ 2-3 ᠨᠠᠰᠤ ᠶᠢᠨ ᠦᠶᠡᠰ ᠨᠡᠯᠢᠶᠡᠳ ᠳᠣᠣᠷ᠎ᠠ᠂ ᠠᠩᠬ᠎ᠠ ᠲᠦᠯᠯᠡᠬᠦ ᠦᠶ᠎ᠡ ᠳᠤ ᠬᠠᠮᠤᠭ ᠳᠣᠣᠷ᠎ᠠ ᠶᠤᠮ᠃ ᠠᠩᠬ᠎ᠠ ᠲᠦᠯᠯᠡᠬᠦ ᠳᠡᠭᠡᠨ ᠢᠭᠡᠷ᠎ᠡ ᠬᠤᠷᠠᠭ᠎ᠠ ᠭᠠᠷᠤᠭᠰᠠᠨ ᠡᠮ᠎ᠡ ᠬᠤᠨᠢ ᠶᠢ ᠰᠤᠩᠭᠤᠪᠠᠯ᠂ ᠡᠮ᠎ᠡ ᠬᠤᠨᠢᠨ ᠤ ᠢᠭᠡᠷ᠎ᠡ ᠲᠦᠯ ᠤᠨ ᠨᠤᠷᠮ᠎ᠠ ᠪᠣᠯᠤᠨ ᠦᠷᠡᠵᠢᠯ ᠤᠨ ᠴᠢᠳᠠᠪᠦᠷᠢ ᠶᠢ ᠳᠡᠭᠡᠭᠰᠢᠯᠡᠭᠦᠯᠵᠦ ᠴᠢᠳᠠᠨ᠎ᠠ᠃ ᠪᠠᠰᠠ ᠢᠭᠡᠷ᠎ᠡ ᠲᠦᠯᠲᠤ ᠬᠤᠴᠠ ᠪᠠᠷ ᠢᠭᠡᠷ᠎ᠡ ᠲᠦᠯᠲᠤ ᠡᠮ᠎ᠡ ᠬᠤᠨᠢ ᠶᠢ ᠭᠡᠭᠡᠯᠳᠦᠭᠦᠯᠪᠡᠯ ᠢᠭᠡᠷ᠎ᠡ ᠲᠦᠯ ᠲᠦᠯᠯᠡᠬᠦ ᠨᠤᠷᠮ᠎ᠠ ᠶᠢ ᠢᠯᠡᠷᠬᠡᠢ ᠳᠡᠭᠡᠭᠰᠢᠯᠡᠭᠦᠯᠵᠦ ᠳᠡᠶᠢᠯᠦᠨ᠎ᠡ᠃     3 .ᠳᠠᠪᠰᠢᠭᠰᠠᠨ ᠦᠷ᠎ᠡ ᠳᠠᠮᠵᠢᠭᠤᠯᠬᠤ ᠮᠡᠷᠭᠡᠵᠢᠯ ᠢ ᠬᠡᠷᠡᠭᠯᠡᠬᠦ xk-2 ᠬᠡᠯᠪᠡᠷᠢ ᠶᠢᠨ ᠦᠷ᠎ᠡ ᠳᠠᠮᠵᠢᠭᠤᠯᠬᠤ ᠪᠠᠭᠠᠵᠢ ᠶᠢᠨ ᠬᠠᠷᠢᠮᠠᠬᠠᠢ ᠴᠢᠨᠠᠷ ᠨᠢ ᠰᠠᠶᠢᠨ᠂ ᠠᠵᠢᠯᠯᠠᠬᠤ ᠳᠤ ᠳᠦᠭᠦᠮ᠂ ᠠᠶᠤᠯᠭᠦᠢ ᠪᠠᠬᠢᠯᠢᠭ᠌᠂ ᠭᠦᠨ ᠬᠡᠰᠡᠭ ᠲᠤ ᠦᠷ᠎ᠡ ᠳᠠᠮᠵᠢᠭᠤᠯᠬᠤ ᠳᠤ ᠠᠰᠢᠭᠲᠠᠢ᠂ ᠡᠩ ᠤᠨ ᠦᠷ᠎ᠡ ᠳᠠᠮᠵᠢᠭᠤᠯᠬᠤ ᠪᠠᠭᠠᠵᠢ ᠲᠠᠢ ᠬᠠᠷᠢᠴᠠᠭᠤᠯᠪᠠᠯ ᠭᠡᠭᠡᠯ ᠲᠣᠭᠲᠠᠬᠤ ᠨᠤᠷᠮ᠎ᠠ ᠨᠢ 10% ᠢᠶᠠᠷ ᠳᠡᠭᠡᠭᠰᠢᠯᠡᠵᠦ ᠳᠡᠶᠢᠯᠦᠨ᠎ᠡ᠃ ᠬᠡᠪᠡᠯᠢ ᠶᠢᠨ ᠳᠤᠷᠠᠨ ᠢᠶᠠᠷ ᠰᠠᠪᠠ ᠶᠢᠨ ᠡᠪᠡᠷ ᠤᠨ ᠭᠦᠨ ᠬᠡᠰᠡᠭ ᠲᠤ ᠦᠷ᠎ᠡ ᠳᠠᠮᠵᠢᠭᠤᠯᠪᠠᠯ᠂ ᠬᠤᠨᠢᠨ ᠤ ᠢᠴᠡᠭᠡᠯ ᠦᠷ᠎ᠡ ᠶᠢᠨ ᠭᠡᠭᠡᠯ ᠲᠣᠭᠲᠠᠬᠤ ᠨᠤᠷᠮ᠎ᠠ ᠶᠢ ᠳᠣᠪᠤᠶᠢᠮ᠎ᠠ ᠳᠡᠭᠡᠭᠰᠢᠯᠡᠭᠦᠯᠵᠦ ᠴᠢᠳᠠᠨ᠎ᠠ᠃ LRH-3 ︵ᠪᠠᠰᠠ ᠦᠨᠳᠡᠭᠡ ᠭᠠᠳᠠᠭᠰᠢᠯᠠᠭᠤᠯᠬᠤ ᠶᠢ ᠠᠬᠢᠭᠤᠯᠬᠤ 3 ᠨᠣᠮᠧᠷᠲᠤ ᠭᠡᠳᠡᠭ︶ ᠢ ᠪᠣᠯᠴᠢᠩ ᠳᠤᠨᠢ ᠵᠡᠭᠦᠯᠡᠪᠡᠯ᠂ ᠣᠷᠤᠭᠠᠨ ᠤ ᠬᠤᠭᠤᠴᠠᠭᠠᠨ ᠳᠠᠬᠢ ᠭᠡᠭᠡᠯ ᠲᠣᠭᠲᠠᠬᠤ ᠨᠤᠷᠮ᠎ᠠ ᠶᠢ 93.5% ᠲᠤ ᠬᠦᠷᠭᠡᠵᠦ ᠴᠢᠳᠠᠨ᠎ᠠ᠃     4.ᠬᠦᠪᠦᠷᠡᠯ ᠰᠢᠯᠵᠢᠭᠦᠯᠬᠦ ᠮᠡᠷᠭᠡᠵᠢᠯ ᠢ ᠬᠡᠷᠡᠭᠯᠡᠬᠦ     ᠬᠦᠪᠦᠷᠡᠯ ᠰᠢᠯᠵᠢᠭᠦᠯᠬᠦ ᠮᠡᠷᠭᠡᠵᠢᠯ ᠢ ᠬᠡᠷᠡᠭᠯᠡᠬᠦ ᠨᠢ ᠰᠠᠶᠢᠨ ᠡᠭᠦᠯᠳᠡᠷ ᠤᠨ ᠬᠤᠨᠢᠨ ᠰᠦᠷᠦᠭ ᠤᠨ ᠦᠰᠤᠯᠲᠡ ᠶᠢ ᠲᠦᠷᠭᠡᠳᠭᠡᠨ᠂ ᠡᠮ᠎ᠡ ᠬᠤᠨᠢᠨ ᠤ ᠦᠷᠡᠵᠢᠯ ᠤᠨ ᠴᠢᠳᠠᠪᠦᠷᠢ ᠶᠢ ᠳᠡᠭᠡᠭᠰᠢᠯᠡᠭᠦᠯᠵᠦ ᠳᠡᠶᠢᠯᠦᠨ᠎ᠡ᠃                                               ᠤᠳ᠋ᠪᠠᠯ᠎ᠠ                   ᠦᠪᠤᠷ ᠮᠣᠩᠭᠤᠯ ᠤᠨ ᠮᠠᠯ ᠠᠵᠤ ᠠᠬᠤᠢ ᠰᠡᠳᠭᠦᠯ ᠠᠴᠠ ᠪᠠᠭᠤᠯᠭᠠᠪᠠ  
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号