ᠨᠠᠮ ᠤᠨ ᠠᠷᠪᠠ ᠶᠢᠰᠦᠳᠦᠭᠡᠷ ᠶᠡᠭᠡ  ᠬᠤᠷᠠᠯ ᠤᠨ ᠢᠯᠡᠳᠭᠡᠯ ᠳᠠᠬᠢ ᠰᠢ ᠶᠢᠨ ᠫᠢᠩ ᠤᠨ ᠶᠠᠷᠢᠭᠰᠠᠨ ᠬᠦᠮᠦᠰ ᠢ ᠣᠷᠮᠠᠰᠢᠭᠤᠯᠬᠤ 19 ᠦᠭᠡ
ᠨᠡᠶᠢᠲᠡᠯᠡᠭᠰᠡᠨ ᠴᠠᠭ᠄
2017/10/20
      18  ᠤ ᠡᠳᠦᠷ ᠪᠡᠭᠡᠵᠢᠩ ᠳᠤ ᠬᠤᠷᠠᠯᠳᠣᠭᠰᠠᠨ ᠨᠠᠮ ᠤᠨ ᠠᠷᠪᠠ ᠶᠢᠰᠦᠳᠦᠭᠡᠷ  ᠶᠡᠭᠡ ᠬᠤᠷᠠᠯ ᠳᠡᠭᠡᠷ᠎ᠡ᠂ ᠰᠢ ᠶᠢᠨ ᠫᠢᠩ ᠨᠦᠬᠦᠷ ᠠᠷᠪᠡᠨ ᠨᠠᠢᠮᠠᠳᠣᠭᠠᠷ ᠬᠤᠭᠤᠴᠠᠭᠠᠨ ᠤ ᠨᠠᠮ ᠤᠨ ᠲᠦᠪ  ᠬᠤᠷᠢᠶ᠎ᠠ ᠶᠢ ᠲᠦᠯᠦᠭᠡᠯᠡᠨ ᠶᠡᠭᠡ ᠬᠤᠷᠠᠯ ᠳᠤ ᠢᠯᠡᠳᠭᠡᠯ ᠬᠢᠵᠡᠢ᠃ ᠰᠢᠨᠬᠤᠸᠠ ᠰᠦᠯᠵᠢᠶ᠎ᠡ ᠠᠴᠠ ᠢᠯᠡᠳᠭᠡᠯ ᠳᠠᠬᠢ ᠬᠦᠮᠦᠰ ᠢ ᠣᠷᠮᠰᠢᠭᠤᠯᠣᠭᠰᠠᠨ 19 ᠦᠭᠡ ᠶᠢ ᠲᠡᠭᠦᠪᠦᠷᠢᠯᠡᠪᠡ᠃     1.ᠲᠣᠮᠲᠠᠲᠣ ᠣᠯᠣᠰ ᠤᠨ ᠡᠪ ᠬᠠᠮᠲᠣᠴᠣᠳ ᠤᠨ ᠤᠭ ᠰᠠᠨᠠᠭ᠎ᠠ ᠪᠠ ᠡᠭᠦᠷᠭᠡ ᠬᠠᠷᠢᠭᠤᠴᠠᠯᠭ᠎ᠠ ᠪᠣᠯ ᠳᠡᠷᠦᠢ ᠲᠣᠮᠳᠠᠳᠣ ᠶᠢᠨ ᠠᠷᠠᠳ ᠲᠦᠮᠡᠨ ᠳᠡᠭᠡᠨ ᠵᠣᠯ ᠵᠢᠷᠭᠠᠯ ᠡᠳ᠋ᠯᠡᠭᠦᠯᠵᠦ᠂ ᠲᠣᠮᠳᠠᠲᠣ ᠶᠢᠨ ᠦᠨᠳᠦᠰᠦᠲᠡᠨ ᠤ ᠰᠡᠷᠭᠦᠨ ᠮᠠᠨᠳᠣᠯᠲᠠ ᠶᠢ ᠪᠡᠶᠡᠯᠡᠭᠦᠯᠬᠦ ᠪᠤᠯᠣᠨ᠎ᠠ᠃     2.ᠲᠣᠮᠳᠠᠲᠣ ᠣᠯᠣᠰ ᠤᠨ ᠤᠨᠴᠠᠯᠢᠭ   ᠲᠠᠢ ᠨᠡᠶᠢᠭᠡᠮ ᠵᠢᠷᠦᠮ ᠰᠢᠨ᠎ᠡ ᠴᠠᠭ ᠦᠶ᠎ᠡ ᠳᠤ ᠳᠠᠪᠰᠢᠨ ᠣᠷᠣᠯ᠎ᠠ᠃     3.ᠲᠣᠮᠳᠠᠲᠣ ᠶᠢᠨ ᠦᠨᠳᠦᠰᠦᠲᠡᠨ ᠪᠤᠰᠣᠨ ᠵᠤᠭᠰᠣᠵᠣ᠂ ᠴᠢᠨᠡᠯᠢᠭᠵᠢᠭᠰᠡᠨ ᠠᠴᠠ ᠬᠦᠴᠦᠷᠬᠡᠭᠵᠢᠭᠰᠡᠨ ᠠᠭᠤᠣ ᠶᠡᠭᠡ ᠦᠰᠦᠷᠣᠯᠲᠡ ᠶᠢ ᠣᠭᠲᠣᠨ ᠠᠪᠴᠢᠷᠠᠯ᠎ᠠ᠃     4.ᠮᠠᠨ ᠤ ᠣᠯᠣᠰ ᠤᠨ ᠨᠡᠶᠢᠭᠡᠮ ᠤᠨ ᠭᠤᠣᠯ ᠵᠦᠷᠢᠴᠠᠯ ᠨᠢ ᠠᠷᠠᠳ ᠲᠦᠮᠡᠨ ᠤ ᠡᠳᠦᠷ ᠢᠷᠡᠬᠦᠶ᠎ᠡ ᠨᠡᠮᠡᠭᠳᠡᠵᠦ ᠪᠠᠶᠢᠭ᠎ᠠ ᠰᠠᠶᠢᠨ ᠰᠠᠶᠢᠬᠠᠨ ᠠᠮᠢᠳᠣᠷᠠᠯ ᠤᠨ ᠬᠡᠷᠡᠭᠴᠡᠭᠡ ᠪᠣᠯᠣᠨ ᠲᠡᠩᠴᠡᠭᠦᠷᠢ ᠦᠭᠡᠢ ᠭᠦᠢᠴᠡᠳ  ᠪᠤᠰᠣ ᠬᠦᠭᠵᠢᠯᠲᠡ ᠶᠢᠨ ᠬᠤᠭᠤᠷᠣᠨᠳᠠᠬᠢ ᠵᠦᠷᠢᠴᠡᠯ ᠪᠤᠯᠵᠤ ᠬᠤᠪᠢᠷᠠᠵᠠᠢ᠃     5.ᠲᠣᠮᠳᠠᠲᠣ ᠶᠢᠨ ᠦᠨᠳᠦᠰᠦᠳᠡᠨ ᠤ ᠠᠭᠤᠣ ᠶᠡᠭᠡ ᠰᠡᠷᠭᠦᠨ ᠮᠠᠨᠳᠣᠯᠲᠠ ᠨᠢ ᠬᠡᠩᠭᠡᠷᠭᠡ ᠴᠠᠩ ᠴᠤᠬᠢᠬᠤ ᠰᠢᠭ᠋ ᠬᠢᠯᠪᠠᠷᠬᠠᠨ ᠪᠠᠶᠠᠯᠡᠭᠳᠡᠬᠦ ᠪᠢᠰᠢ᠃     6.ᠠᠷᠠᠳ ᠲᠦᠮᠡᠨ ᠤ ᠰᠠᠶᠢᠨ ᠰᠠᠶᠢᠬᠠᠨ ᠠᠮᠢᠳᠣᠷᠠᠯ ᠤᠨ ᠬᠦᠰᠡᠯ ᠡᠷᠡᠮᠡᠯᠵᠡᠯ ᠢᠶᠠᠷ ᠲᠡᠮᠡᠴᠡᠬᠦ ᠬᠠᠷᠠᠯᠲᠠ ᠪᠣᠯᠭᠠᠵᠣ᠂ ᠠᠷᠠᠳ ᠲᠦᠮᠡᠨ ᠳᠤ ᠲᠦᠰᠢᠭᠯᠡᠨ ᠲᠡᠦᠬᠡᠲᠦ ᠠᠤᠭ᠎ᠠ ᠦᠢᠯᠡᠰ ᠢ ᠴᠤᠭᠴᠠᠯᠠᠶ᠎ᠠ᠃     7.ᠠᠮᠵᠢᠯᠲᠡ ᠶᠢᠨ ᠡᠷᠴᠢᠨ ᠳᠡᠭᠡᠨ ᠦᠷᠭᠦᠯᠵᠢᠯᠡᠨ ᠲᠡᠮᠡᠴᠡᠵᠣ ᠨᠡᠶᠢᠭᠡᠮ ᠵᠢᠷᠦᠮᠲᠣ ᠤᠳᠤᠬᠢᠴᠢᠯᠠᠯᠲᠠ ᠶᠢᠨ ᠣᠯᠣᠰ ᠢ ᠪᠠᠶᠢᠭᠤᠯᠬᠤ ᠰᠢᠨ᠎ᠡ ᠠᠶᠠᠨ ᠢᠶᠠᠨ ᠪᠦᠬᠦ ᠲᠠᠯ᠎ᠠ ᠪᠠᠷ ᠡᠬᠢᠯᠡᠭᠦᠯᠵᠦ᠂ ᠬᠤᠶᠠᠳᠡᠬᠢ ᠵᠠᠭᠤᠨ ᠵᠢᠯ ᠤᠨ ᠲᠡᠮᠡᠴᠡᠬᠦ ᠬᠠᠷᠠᠯᠲᠠ ᠥᠭᠡᠳᠡ ᠴᠡᠷᠢᠭᠯᠡᠰᠦᠭᠡᠢ᠃     8.ᠲᠣᠮᠳᠠᠲᠣ ᠶᠢᠨ ᠦᠨᠳᠦᠰᠦᠲᠡᠨ ᠨᠡᠩ ᠤᠮᠤᠭ ᠲᠡᠭᠦᠯᠲᠡᠷ ᠤᠪᠣᠷ ᠢᠶᠠᠷ ᠲᠡᠯᠡᠭᠡᠢ ᠶᠢᠨ ᠦᠨᠳᠦᠰᠦᠲᠡᠨ ᠤ ᠲᠣᠮᠲᠠ ᠤᠷᠣᠰᠢᠬᠤ ᠪᠣᠯᠣᠨ᠎ᠠ᠃     9.ᠲᠤᠮᠲᠠᠳᠣ ᠣᠯᠣᠰ ᠤᠨ ᠴᠢᠯᠦᠭᠡᠲᠠᠢ ᠶᠠᠪᠣᠯᠴᠠᠬᠤ ᠡᠭᠦᠳᠡ ᠪᠠᠨ ᠬᠠᠭᠠᠬᠤ ᠦᠭᠡᠢ ᠮᠦᠷᠲᠡᠭᠡᠨ ᠣᠯᠠᠮ ᠶᠡᠭᠡ ᠨᠡᠭᠡᠬᠡᠬᠦ ᠪᠣᠯᠣᠨ᠎ᠠ᠃     10.ᠣᠴᠢᠷ ᠶᠠᠪᠣᠲᠠᠯ ᠢ ᠰᠠᠶᠢᠲᠣᠷ ᠵᠦᠪᠳᠡᠵᠣ᠂ ᠣᠯᠠᠨ ᠤ ᠣᠴᠢᠷ ᠢ ᠣᠯᠠᠨ ᠢᠶᠠᠷ ᠢᠶᠠᠨ ᠵᠦᠪᠳᠡᠯᠴᠡᠬᠦ ᠪᠣᠯ ᠠᠷᠠᠳ ᠲᠦᠮᠡᠨ ᠤ ᠠᠷᠠᠳᠴᠢᠯᠡᠯ ᠤᠨ ᠦᠨᠡᠨ ᠶᠤᠰᠦ ᠮᠦᠨ᠃     11.ᠠᠷᠠᠳ ᠲᠦᠮᠡᠨ ᠤ ᠠᠰᠢᠭ ᠲᠣᠰᠠ ᠶᠢ ᠬᠠᠮᠤᠭ ᠤᠨ ᠴᠢᠬᠤᠯᠠ ᠪᠠᠶᠢᠷᠢᠨ ᠳᠤ ᠲᠠᠯᠪᠢᠨ᠎ᠠ᠃     12.ᠪᠦᠬᠦ ᠠᠷᠠᠳ ᠢ ᠴᠦᠮ ᠣᠷᠣᠰᠢᠨ ᠰᠠᠭᠤᠬᠤ ᠣᠷᠣᠨ ᠰᠠᠭᠤᠴᠠ ᠲᠠᠢ ᠪᠤᠯᠭᠠᠨ᠎ᠠ᠃     13.ᠴᠡᠩᠬᠡᠭ ᠠᠭᠠᠷ ᠢᠶᠠᠨ ᠬᠠᠮᠠᠭᠠᠯᠠᠬᠤ ᠲᠠᠶᠢᠯᠡᠯᠳᠣᠭᠠᠨ ᠤ ᠢᠯᠠᠯᠲᠠ ᠶᠢ ᠤᠯᠣᠨ᠎ᠠ᠃     14.ᠮᠠᠨ ᠤ ᠴᠡᠷᠢᠭ ᠠᠩᠭᠢ ᠪᠣᠯ ᠠᠷᠠᠳ ᠲᠦᠮᠡᠨ ᠤ ᠴᠡᠷᠢᠭ ᠠᠩᠭᠢ᠂ ᠣᠯᠣᠰ ᠤᠨ ᠪᠠᠲᠣᠯᠠᠨ ᠬᠠᠮᠠᠭᠠᠯᠠᠯᠲᠠ  ᠪᠣᠯ ᠪᠦᠬᠦ  ᠠᠷᠠᠳ ᠤᠨ ᠣᠯᠣᠰ ᠤᠨ ᠪᠠᠲᠣᠯᠠᠨ ᠬᠠᠮᠠᠭᠠᠯᠠᠯᠲᠠ ᠮᠦᠨ᠃     15.ᠪᠢᠳᠡ ᠶᠠᠮᠠᠷᠪᠠ ᠬᠡᠯᠪᠡᠷᠢ ᠶᠢᠨ《 ᠲᠠᠶᠢᠸᠠᠨ ᠢ ᠲᠣᠰᠠᠭᠠᠷᠯᠠᠬᠤ》ᠬᠠᠭᠠᠴᠠᠭᠤᠯᠬᠤ ᠭᠤᠷᠢᠳᠠᠯᠭ᠎ᠠ ᠶᠢ ᠰᠦᠢᠷᠡᠭᠦᠯᠬᠦ ᠡᠷᠡᠰ ᠪᠠᠲᠤ ᠢᠳᠡᠭᠡᠯ ᠵᠣᠷᠢᠭ᠂ ᠭᠦᠢᠴᠡᠳ ᠴᠢᠳᠠᠪᠦᠷᠢ ᠲᠠᠢ᠃     16.ᠠᠷᠠᠳ ᠲᠦᠮᠡᠨ ᠶᠠᠭᠤ ᠶᠢ ᠡᠰᠡᠷᠭᠦᠴᠡᠵᠣ᠂ ᠶᠠᠭᠤ ᠶᠢ ᠬᠤᠷᠣᠰᠪᠠᠯ᠂ ᠪᠢᠳᠡ ᠳᠠᠷᠣᠢ ᠲᠡᠭᠦᠨ ᠢ ᠡᠷᠡᠰ ᠢᠶᠠᠷ ᠰᠡᠷᠭᠡᠶᠢᠯᠡᠬᠦ ᠪᠠ ᠵᠠᠯᠠᠷᠠᠭᠤᠯᠣᠨ᠎ᠠ᠃     17.ᠢᠯᠵᠠᠷᠠᠭᠰᠠᠨ ᠡᠲᠡᠭᠡᠳ ᠬᠠᠮᠢᠭ᠎ᠠ ᠳᠣᠲᠠᠭᠠᠭᠰᠠᠨ ᠴᠤ ᠨᠡᠬᠡᠮᠵᠢᠯᠡᠨ ᠪᠠᠷᠢᠪᠴᠢᠯᠠᠵᠣ᠂ ᠬᠠᠣᠯᠢ ᠪᠠᠷ ᠰᠢᠳᠭᠡᠨ᠎ᠡ᠃     18.ᠨᠠᠮ ᠢᠮᠠᠭᠲᠠ ᠠᠷᠠᠳ  ᠲᠦᠮᠡᠨ ᠲᠠᠢ ᠪᠠᠨ ᠬᠠᠮᠲᠣ ᠪᠠᠷ ᠪᠤᠳᠣᠵᠣ ᠰᠡᠳᠭᠢᠵᠣ᠂ ᠬᠠᠮᠲᠣ ᠪᠠᠷ ᠬᠢᠨ᠎ᠡ᠃     19.ᠲᠣᠮᠲᠠᠲᠣ ᠶᠢᠨ ᠬᠦᠰᠡᠯ ᠵᠡᠭᠦᠳᠣ ᠪᠣᠯ ᠮᠠᠨ ᠤ ᠨᠢᠭᠡ ᠦᠶ᠎ᠡ ᠶᠢᠨ ᠬᠢ᠂ ᠨᠡᠩ ᠴᠦ ᠵᠠᠯᠠᠭᠤ ᠨᠢᠭᠡ ᠦᠶ᠎ᠡ ᠶᠢᠨ ᠬᠢ ᠮᠦᠨ᠃
 
ᠢᠷᠡᠯᠲᠡ᠄ ᠣᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号