ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠵᠤᠬᠢᠶᠠᠨ ᠪᠢᠴᠢᠯᠭᠡ ᠶᠢ ᠵᠢᠭᠠᠨ ᠵᠢᠯᠤᠭᠤᠳᠬᠤ ᠲᠤᠬᠠᠢ
ᠨᠡᠶᠢᠲᠡᠯᠡᠭᠰᠡᠨ ᠴᠠᠭ᠄
2017-10-23
      ᠤᠢᠢᠷ᠎ᠠ ᠶᠢᠨ ᠵᠢᠯ ᠤᠳ ᠲᠤ ᠪᠠᠭ᠎ᠠ ᠰᠤᠷᠭᠠᠭᠤᠯᠢ ᠶᠢᠨ ᠠᠩᠬᠢ ᠳᠡᠪᠰᠢᠬᠤ ᠰᠢᠯᠭᠠᠯᠲᠠ ᠳᠤ ᠵᠦᠩᠳᠡᠭᠡᠨ ᠪᠦᠷ ᠵᠤᠬᠢᠶᠠᠯ ᠪᠢᠴᠢᠭᠦᠯᠵᠤ᠂ ᠰᠤᠷᠤᠭᠴᠢᠳ ᠤᠨ ᠪᠢᠴᠢᠭ ᠢᠶᠠᠷ ᠢᠯᠡᠳᠬᠡᠬᠦ ᠴᠢᠳᠠᠪᠦᠷᠢ ᠪᠤᠯᠤᠨ ᠦᠵᠡᠯ ᠰᠠᠨᠠᠭᠠᠨ ᠤ ᠬᠢᠷᠢ ᠬᠡᠮᠵᠢᠶ᠎ᠡ ᠶᠢ ᠰᠢᠯᠭᠠᠨ ᠪᠠᠶᠢᠴᠠᠭᠠᠬᠤ ᠪᠤᠯᠵᠠᠢ᠃ ᠡᠨᠡ ᠨᠢ ᠰᠢᠯᠭᠠᠯᠲᠠ ᠶᠢᠨ ᠨᠢᠭᠡ ᠰᠠᠶᠢᠨ ᠠᠷᠭ᠎ᠠ ᠬᠡᠯᠪᠡᠷᠢ ᠭᠡᠳᠡᠭ ᠪᠤᠯᠪᠠᠴᠤ ᠴᠦᠬᠡᠨ ᠪᠤᠰᠤ ᠰᠤᠷᠤᠭᠴᠢᠳ ᠡᠨᠡ ᠲᠡᠯ᠎ᠡ ᠪᠠᠷ ᠬᠢ ᠮᠡᠳᠡᠯᠭᠡ ᠪᠤᠯᠪᠠᠰᠤᠷᠠᠯ ᠲᠤᠳᠠᠮᠠᠭ ᠠᠴᠠ ᠪᠤᠯᠵᠤ᠂ ᠪᠢᠴᠢᠬᠦ ᠶᠠᠭᠤᠮ᠎ᠠ ᠪᠠᠨ ᠤᠯᠵᠤ ᠶᠠᠳᠠᠨ ᠪᠠᠴᠢᠮᠳᠠᠨ ᠰᠠᠨᠳᠤᠷᠳᠠᠭ᠃ ᠡᠶᠢᠮᠦ ᠠᠴᠠ ᠳᠤᠤᠷ᠎ᠠ ᠪᠢ ᠬᠡᠳᠦᠨ ᠠᠰᠠᠭᠤᠳᠠᠯ ᠳᠤᠷᠠᠳᠴᠤ ᠪᠠᠭᠰᠢ ᠨᠠᠷ ᠲᠠᠢ ᠰᠠᠨᠠᠯ ᠢᠶᠠᠨ ᠰᠤᠯᠢᠯᠴᠠᠬᠤ ᠶᠢ ᠵᠤᠷᠢᠪᠠ᠃       ᠨᠢᠭᠡ ᠵᠤᠬᠢᠶᠠᠨ ᠪᠢᠴᠢᠬᠦ ᠰᠡᠳᠬᠢᠴᠡ ᠶᠢᠨ ᠲᠤᠬᠠᠢ᠃ ᠵᠤᠬᠢᠶᠠᠨ ᠪᠢᠴᠢᠬᠦ ᠪᠤᠯ ᠰᠤᠷᠤᠭᠴᠢᠳ ᠤᠨ ᠪᠢᠴᠢᠭ ᠢᠶᠠᠷ ᠢᠯᠡᠳᠬᠡᠬᠦ ᠴᠢᠳᠠᠪᠦᠷᠢ ᠪᠤᠯᠤᠨ ᠦᠵᠡᠯ ᠰᠠᠨᠠᠭᠠᠨ ᠤ ᠬᠢᠷᠢ ᠬᠡᠮᠵᠢᠶ᠎ᠡ ᠶᠢ ᠬᠠᠷᠠᠭᠤᠯᠤᠭᠰᠠᠨ ᠨᠢᠭᠡ ᠵᠦᠢᠯ ᠤᠨ ᠬᠡᠯᠪᠡᠷᠢ ᠪᠤᠯᠬᠤ ᠲᠡᠳᠦᠢ ᠦᠭᠡᠢ ᠪᠠᠰᠠ ᠴᠤ ᠲᠡᠳᠡᠨᠠᠷ ᠤᠨ ᠠᠵᠢᠭᠯᠠᠬᠤ᠂ ᠴᠡᠭᠡᠵᠢᠯᠡᠬᠦ᠂ ᠲᠦᠰᠦᠭᠡᠯᠡᠬᠦ ᠴᠢᠳᠠᠪᠦᠷᠢ ᠶᠢᠨ ᠶᠡᠷᠦᠩᠬᠡᠶᠢᠯᠡᠭᠰᠡᠨ ᠪᠤᠯᠪᠠᠰᠤᠷᠠᠯ ᠪᠤᠯᠤᠨ᠎ᠠ᠃ ᠰᠤᠷᠤᠭᠴᠢᠳ ᠤᠨ ᠪᠢᠴᠢᠭᠰᠡᠨ ᠵᠤᠬᠢᠶᠠᠯ ᠨᠢ ᠦᠪᠡᠷ ᠤᠨ ᠬᠢᠨᠢ ᠠᠮᠢᠳᠤᠷᠠᠯ ᠤᠨ ᠲᠤᠷᠰᠢᠯᠭ᠎ᠠ᠂ ᠮᠡᠳᠡᠯᠭᠡ ᠶᠢᠨ ᠰᠠᠭᠤᠷᠢ᠂ ᠦᠵᠡᠯ ᠰᠠᠨᠠᠭᠠᠨ ᠤ ᠲᠠᠨᠢᠯᠲᠠ ᠵᠡᠷᠭᠡ ᠡᠯ ᠎ᠡ ᠲᠠᠯ᠎ᠠ ᠶᠢᠨ ᠬᠢᠷᠢ ᠬᠡᠮᠵᠢᠶ᠎ᠡ ᠬᠢᠭᠡᠳ ᠤᠩᠰᠢᠬᠤ ᠪᠢᠴᠢᠬᠦ ᠴᠢᠳᠠᠪᠦᠷᠢ ᠬᠢᠭᠡᠳ ᠤᠳᠬ᠎ᠠ ᠵᠤᠬᠢᠶᠠᠯ ᠤᠨ ᠲᠠᠯ᠎ᠠ ᠪᠠᠷ ᠬᠢ ᠠᠪᠢᠶᠠᠰ ᠴᠢᠳᠠᠪᠦᠷᠢ ᠶᠢ ᠨᠡᠯᠢᠶᠡᠳ ᠲᠦᠪᠯᠡᠷᠡᠩᠭᠦᠢ ᠪᠠᠷ ᠲᠤᠰᠬᠠᠵᠤ ᠪᠠᠶᠢᠳᠠᠭ᠃ ᠲᠡᠶᠢᠮᠦ ᠠᠴᠠ ᠰᠤᠷᠤᠭᠴᠢᠳ ᠤᠨ ᠵᠤᠬᠢᠶᠠᠨ ᠪᠢᠴᠢᠯᠭᠡ ᠪᠤᠯ ᠲᠡᠳᠡᠨ ᠤ ᠬᠡᠯᠡ ᠪᠢᠴᠢᠭ ᠤᠨ ᠬᠢᠷᠢ ᠬᠡᠮᠵᠢᠶ᠎ᠡ ᠶᠢ ᠬᠡᠮᠵᠢᠬᠦ ᠶᠢᠨ ᠪᠤᠰᠤᠳᠴᠢ ᠪᠠᠷᠢᠮᠵᠢᠶ᠎ᠠ ᠪᠤᠯᠬᠤ ᠶᠤᠮ᠃      ᠵᠤᠬᠢᠶᠠᠨ ᠪᠢᠴᠢᠯᠭᠡ ᠪᠤᠯ ᠪᠢᠴᠢᠭ ᠤᠨ ᠬᠡᠯᠡ ᠪᠠᠷ ᠦᠵᠡᠯ ᠰᠠᠨᠠᠭ᠎ᠠ ᠪᠤᠳᠤᠯ ᠰᠡᠳᠬᠢᠯᠭᠡ ᠪᠠᠨ ᠢᠯᠡᠳᠬᠡᠳᠡᠭ ᠠᠵᠢᠯᠯᠠᠭᠠᠨ ᠪᠤᠯᠤᠨ᠎ᠠ᠃ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠪᠢᠴᠢᠭ ᠤᠨ ᠬᠡᠯᠡᠨ ᠤ ᠡᠵᠡᠮᠰᠢᠯ ᠤᠨ ᠶᠠᠪᠤᠴᠠ ᠪᠤᠯ ᠨᠠᠰᠤᠨ ᠳᠤ ᠬᠦᠷᠦᠭᠰᠡᠳ ᠤᠨ ᠦᠭᠡ ᠬᠡᠯᠡ᠂ ᠶᠠᠷᠢᠶ᠎ᠠ ᠬᠡᠯᠡᠯᠴᠡᠭᠡ ᠶᠢ ᠬᠦᠯᠢᠶᠡᠬᠦ ᠠᠴᠠ ᠡᠬᠢᠯᠡᠨ᠂ ᠦᠪᠡᠷ ᠤᠨ ᠴᠢᠷᠮᠠᠶᠢᠨ ᠪᠤᠯᠪᠠᠰᠤᠷᠠᠭᠰᠠᠨ ᠢᠶᠠᠷ ᠪᠢᠴᠢᠭ ᠤᠨ ᠬᠡᠯᠡ ᠪᠤᠯᠭᠠᠨ ᠤᠯᠠᠷᠢᠨ ᠬᠤᠪᠢᠷᠠᠭᠤᠯᠬᠤ ᠪᠤᠳᠤᠯᠢᠶᠠᠨᠲᠠᠢ ᠶᠠᠪᠤᠴᠠ ᠪᠤᠯᠤᠨ᠎ᠠ᠃ ᠡᠨᠡᠬᠦ ᠶᠠᠪᠤᠴᠠ ᠳᠤ ᠭᠤᠤᠯᠳᠠᠭᠤ ᠳᠤᠤᠷᠠᠬᠢ ᠮᠡᠲᠤ ᠠᠰᠠᠭᠤᠳᠠᠯ ᠤᠳ ᠢᠯᠡᠷᠡᠨ ᠭᠠᠷᠳᠠᠭ᠃      1᠂ ᠮᠠᠲ᠋ᠧᠷᠢᠶᠠᠯ ᠰᠤᠩᠭᠤᠨ ᠬᠠᠭᠤᠯᠬᠤ᠃ ᠡᠶᠢᠮᠦ ᠵᠦᠢᠯ ᠢ ᠰᠤᠷᠤᠭᠴᠢᠳ ᠦᠪᠡᠷ ᠢᠶᠠᠨ ᠰᠡᠳᠬᠢᠵᠤ ᠪᠠᠶᠢᠵᠤ ᠪᠢᠴᠢᠬᠦ ᠪᠢᠰᠢ ᠪᠤᠯᠬᠤᠷ ᠪᠤᠷᠤᠭᠤ ᠵᠦᠷᠢᠭᠦᠦ ᠲᠤᠬᠤᠵᠤ᠂ ᠠᠮᠠ ᠰᠠᠭᠡᠷ ᠨᠢ ᠨᠡᠶᠢᠯᠡᠬᠦ ᠦᠭᠡᠢ᠂ ᠤᠩᠰᠢᠭᠠᠳ ᠤᠢᠢᠯᠠᠭᠠᠮᠵᠢ ᠦᠭᠡᠢ ᠪᠤᠯᠭᠠᠳᠠᠭ᠃        2᠂ ᠦᠭᠡᠷᠡᠴᠢᠯᠡᠵᠤ ᠪᠢᠴᠢᠬᠦ᠃ ᠪᠤᠰᠤᠳ ᠤᠨ ᠵᠤᠬᠢᠶᠠᠯ ᠠᠴᠠ ᠪᠦᠬᠦᠯᠢ ᠬᠡᠰᠡᠭ ᠪᠤᠶᠤ ᠪᠦᠬᠦ ᠠᠭᠤᠯᠭ᠎ᠠ ᠪᠠᠷ ᠬᠠᠭᠤᠯᠵᠤ᠂ ᠴᠦᠬᠡᠨ ᠬᠡᠳᠦᠨ ᠦᠭᠦᠯᠡᠪᠦᠷᠢ ᠪᠤᠶᠤ ᠦᠭᠡᠰ ᠢ ᠨᠡᠮᠡᠬᠦ᠃     3᠂ ᠬᠡᠢ ᠬᠤᠭᠤᠰᠤᠨ ᠦᠭᠡ ᠶᠠᠷᠢᠬᠤ᠃ ᠲᠤᠬᠠᠢᠢᠯᠠᠪᠠᠯ᠂ ᠬᠡᠷᠡᠭ ᠶᠠᠪᠤᠳᠠᠯ ᠳᠤ ᠨᠠᠷᠢᠨ ᠠᠵᠢᠭᠯᠠᠯᠲᠠ ᠬᠢᠬᠦ ᠦᠭᠡᠢ᠂ ᠬᠦᠨ ᠬᠦᠨᠵᠡᠭᠡᠢ ᠰᠡᠳᠬᠢᠬᠦᠢ ᠦᠭᠡᠢ ᠪᠤᠶᠤ ᠦᠪᠡᠷ ᠤᠨ ᠶᠡᠷᠦᠮᠳᠡᠭ ᠦᠭᠡ ᠪᠠᠷ ᠢᠶᠠᠨ ᠡᠷᠦᠢ ᠬᠤᠷᠤᠢ ᠦᠭᠡᠢ ᠵᠤᠬᠢᠶᠠᠵᠤ ᠪᠢᠴᠢᠬᠦ᠃ ᠢᠩᠬᠢᠭᠡᠳ ᠬᠡᠯᠡ ᠵᠦᠢ ᠶᠢᠨ ᠠᠯᠳᠠᠭ᠎ᠠ ᠭᠠᠷᠭᠠᠵᠤ᠂ ᠯᠤᠬᠢᠭᠴᠢ ᠴᠢᠨᠠᠷ ᠢᠶᠠᠷ ᠲᠤᠲᠠᠮᠠᠭ ᠂ ᠦᠭᠡ ᠦᠭᠦᠯᠡᠪᠦᠷᠢ ᠨᠢ ᠨᠡᠶᠢᠴᠡᠪᠦᠷᠢ ᠦᠭᠡᠢ ᠪᠤᠶᠤ ᠳᠠᠬᠢᠨ ᠳᠠᠪᠲᠠᠨ ᠨᠤᠷᠰᠢᠳᠠᠭ ᠦᠵᠡᠭᠳᠡᠯ ᠢᠯᠡᠷᠡᠳᠡᠭ᠃    4᠂ ᠪᠤᠳᠠᠲᠠᠢ ᠪᠠᠶᠢᠳᠠᠯ ᠠᠴᠠ ᠰᠠᠯᠬᠤ᠃ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠨᠡᠶᠢᠭᠡᠮ ᠤᠨ ᠠᠮᠢᠳᠤᠷᠠᠯ ᠤᠨ ᠤᠢᠢᠯᠠᠭᠠᠯᠲᠠ ᠬᠦᠶᠦᠬᠡᠨ ᠪᠠᠶᠢᠳᠠᠭ ᠠᠴᠠ ᠬᠡᠷᠡᠭ ᠪᠤᠳᠠᠰ ᠲᠤ ᠬᠡᠶᠢᠰᠪᠦᠷᠢ ᠠᠭᠤᠯᠭ᠎ᠠ ᠨᠡᠮᠡᠵᠤ᠂ ᠬᠤᠳᠠᠯ ᠬᠡᠷᠡᠭ ᠤᠴᠢᠷ ᠵᠤᠬᠢᠶᠠᠳᠠᠭ ᠪᠤᠯᠬᠤᠷ ᠭᠤᠤᠯᠳᠠᠯᠭ᠎ᠠ ᠦᠭᠡᠢ ᠪᠤᠶᠤ ᠤᠩᠰᠢᠪᠤᠷᠢ ᠦᠭᠡᠢ ᠶᠠᠭᠤᠮ᠎ᠠ ᠪᠤᠯᠴᠢᠬᠠᠳᠠᠭ᠃      ᠬᠤᠶᠠᠷ ᠵᠤᠬᠢᠶᠠᠨ ᠪᠢᠴᠢᠯᠭᠡ ᠶᠢᠨ ᠬᠡᠯᠬᠢᠶᠡᠰᠦ᠃ ᠵᠤᠬᠢᠶᠠᠨ ᠪᠢᠴᠢᠭᠦᠯᠬᠦ ᠶᠠᠪᠤᠳᠠᠯ ᠢ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠠᠴᠠ ᠡᠬᠢᠯᠡᠳᠡᠭ ᠭᠡᠳᠡᠭ ᠪᠤᠯᠪᠠᠴᠤ ᠪᠤᠳᠠᠲᠠᠢ ᠵᠤᠬᠢᠶᠠᠨ ᠪᠢᠴᠢᠬᠦ ᠦᠨᠳᠦᠰᠦᠨ ᠪᠤᠯᠪᠠᠰᠤᠷᠠᠯ ᠠᠴᠠ ᠠᠪᠴᠤ ᠬᠡᠯᠡᠪᠡᠯ ᠨᠢᠭᠡᠳᠦᠭᠡᠷ ᠤᠨ ᠠᠴᠠ ᠡᠬᠢᠯᠡᠴᠢᠬᠡᠳᠡᠭ᠃ ᠰᠤᠷᠤᠭᠴᠢᠳ ᠤᠨ ᠨᠠᠰᠤ ᠵᠢᠯ ᠤᠨ ᠨᠡᠮᠡᠭᠳᠡᠯ ᠪᠠ ᠰᠡᠳᠬᠢᠴᠡ ᠶᠢᠨ ᠬᠦᠭᠵᠢᠯᠲᠡ ᠠᠴᠠ ᠨᠢᠭᠡᠳᠦᠭᠡᠷ ᠤᠨ ᠤ ᠰᠡᠭᠦᠯ ᠤᠨ ᠬᠤᠭᠤᠴᠠᠭ᠎ᠠ ᠠᠴᠠ ᠬᠡᠯᠡᠵᠤ ᠶᠠᠷᠢᠬᠤ ᠠᠴᠠ ᠤᠬᠤᠷ ᠳᠦᠬᠦᠮ ᠵᠤᠬᠢᠶᠠᠯ᠂ ᠡᠳᠦᠷ ᠤᠨ ᠲᠡᠮᠳᠡᠭᠯᠡᠯ ᠵᠡᠷᠭᠡ ᠶᠢᠨ ᠪᠤᠯᠪᠠᠰᠤᠷᠠᠯ ᠬᠢᠯᠭᠡᠬᠦ ᠨᠢ ᠬᠤᠵᠢᠮ ᠤᠨ ᠵᠤᠬᠢᠶᠠᠨ ᠪᠢᠴᠢᠯᠭᠡ ᠳᠤ ᠰᠠᠭᠤᠷᠢ ᠲᠠᠯᠪᠢᠳᠠᠭ᠃ ᠡᠨᠡ ᠦᠶ᠎ᠡ ᠳᠤ ᠴᠠᠭᠠᠨ ᠲᠤᠯᠤᠭᠠᠢ ᠠᠴᠠ ᠪᠦᠬᠦᠯᠢ ᠦᠰᠦᠭ ᠰᠤᠷᠬᠤ ᠪᠠᠷ ᠳᠠᠮᠵᠢᠨ ᠰᠢᠨ᠎ᠡ ᠦᠭᠡᠰ ᠨᠡᠮᠡᠭᠳᠡᠨ᠂ ᠤᠩᠰᠢᠯᠭ᠎ᠠ ᠶᠢᠨ ᠬᠢᠴᠢᠶᠡᠯ ᠴᠤ ᠨᠡᠮᠡᠭᠳᠡᠭᠡᠳ ᠠᠮᠢᠳᠤᠷᠠᠯ ᠤᠨ ᠲᠤᠷᠰᠢᠯᠭ᠎ᠠ ᠤᠷᠢᠳᠤᠬᠢ ᠠᠴᠠ ᠪᠠᠨ ᠪᠠᠶᠠᠯᠢᠭᠵᠢᠵᠤ ᠶᠠᠷᠢᠶᠠᠨ ᠤ ᠬᠡᠯᠡᠨ ᠤ ᠬᠢᠷᠢ ᠬᠡᠮᠵᠢᠶ᠎ᠡ ᠨᠢ ᠰᠤᠷᠭᠠᠭᠤᠯᠢ ᠳᠤ ᠤᠷᠤᠬᠤ ᠠᠴᠠ ᠡᠮᠦᠨᠡᠬᠢ ᠶᠢ ᠪᠤᠳᠤᠪᠠᠯ ᠪᠠᠭ᠎ᠠ ᠪᠤᠰᠤ ᠳᠡᠭᠡᠭᠰᠢᠯᠡᠯᠲᠡ ᠲᠠᠢ ᠪᠤᠯᠳᠠᠭ᠃ ᠡᠶᠢᠨᠬᠦ᠄    1᠂ ᠰᠤᠷᠤᠭᠴᠢᠳ ᠤᠨ ᠮᠡᠳᠡᠯᠭᠡ ᠲᠤᠷᠰᠢᠯᠭ᠎ᠠ ᠶᠢ ᠲᠠᠪᠲᠠᠭᠤᠯᠵᠤ ᠪᠠᠬᠢᠵᠢᠭᠦᠯᠦᠨ᠂ ᠡᠮᠬᠢᠳᠬᠡᠨ ᠬᠡᠷᠡᠭᠯᠡᠭᠦᠯᠵᠤ᠂ ᠠᠮᠢᠳᠤᠷᠠᠯ ᠳᠠᠬᠢ ᠬᠡᠷᠡᠭ ᠪᠤᠳᠠᠰ ᠢ ᠤᠯᠠᠮ ᠨᠢᠭᠡ ᠠᠯᠬᠤᠮ ᠬᠦᠨᠵᠡᠭᠡᠢ ᠠᠵᠢᠭᠯᠠᠭᠤᠯᠤᠨ᠎ᠠ᠃    2᠂ ᠦᠰᠦᠭ ᠲᠠᠨᠢᠬᠤ ᠳᠤ ᠠᠰᠢᠭᠲᠠᠢ ᠪᠠᠶᠢᠳᠠᠭ᠃ ᠬᠡᠤᠬᠡᠳ ᠰᠤᠷᠴᠤ ᠦᠩᠭᠡᠷᠡᠭᠰᠡᠨ ᠦᠭᠡᠰ ᠢᠶᠠᠨ ᠪᠢᠴᠢᠵᠤ ᠬᠡᠷᠡᠭᠯᠡᠬᠦ ᠪᠤᠯᠳᠠᠭ ᠠᠴᠠ ᠰᠢᠨ᠎ᠡ ᠦᠭᠡᠰ ᠢ ᠠᠩᠬᠠᠷᠤᠨ ᠡᠵᠡᠮᠰᠢᠬᠦ ᠪᠠ ᠦᠭᠡᠰ ᠤᠨ ᠰᠠᠩ ᠨᠢ ᠪᠠᠶᠠᠯᠢᠭᠵᠢᠬᠤ ᠮᠦᠷᠲᠡᠭᠡᠨ ᠪᠠᠰᠠ ᠲᠠᠨᠢᠭᠰᠠᠨ ᠦᠰᠦᠭ ᠢᠶᠠᠨ ᠴᠤ ᠪᠠᠬᠢᠵᠢᠭᠦᠯᠳᠡᠭ᠃    3᠂ ᠵᠤᠬᠢᠶᠠᠨ ᠪᠢᠴᠢᠬᠦ ᠨᠢ ᠬᠡᠤᠬᠡᠳ ᠤᠨ ᠤᠩᠰᠢᠯᠭ᠎ᠠ ᠶᠢᠨ ᠤᠬᠠᠮᠰᠠᠷ ᠢ ᠬᠦᠭᠵᠢᠭᠡᠬᠦ ᠪᠠ ᠬᠢᠴᠢᠶᠡᠯ ᠤᠨ ᠭᠠᠳᠠᠨ᠎ᠠ ᠲᠤᠲᠤᠨ᠎ᠠ ᠨᠤᠮ ᠢᠯᠡᠭᠦᠦ ᠤᠩᠰᠢᠬᠤ ᠳᠠᠳᠬᠠᠯ ᠲᠠᠢ ᠪᠤᠯᠭᠠᠳᠠᠭ᠃    4᠂ ᠶᠠᠷᠢᠶᠠᠨ ᠤ ᠬᠡᠯᠡᠨ ᠤ ᠪᠤᠯᠪᠠᠰᠤᠷᠠᠯ ᠢ ᠡᠷᠴᠢᠮᠵᠢᠭᠦᠯᠵᠤ᠂ ᠠᠮᠢᠳᠤᠷᠠᠯ ᠳᠤ ᠲᠤᠬᠢᠶᠠᠯᠳᠤᠭᠰᠠᠨ ᠬᠡᠷᠡᠭ ᠤᠴᠢᠷ ᠢ ᠨᠠᠷᠢᠨ ᠬᠢᠨᠠᠮᠠᠭᠠᠢ ᠠᠵᠢᠭᠯᠠᠬᠤ ᠵᠠᠩᠰᠢᠯ ᠲᠠᠢ ᠪᠤᠯᠭᠠᠨ᠎ᠠ᠃     ᠭᠤᠷᠪᠠ ᠵᠤᠬᠢᠶᠠᠨ ᠪᠢᠴᠢᠬᠦ ᠪᠤᠯᠪᠠᠰᠤᠷᠠᠯ ᠳᠤ ᠵᠢᠭᠠᠨ ᠵᠢᠯᠤᠭᠤᠳᠤᠯᠭ᠎ᠠ ᠬᠢᠬᠦ᠃ ᠰᠡᠳᠦᠪᠴᠢᠯᠡᠨ ᠪᠢᠴᠢᠭᠦᠯᠬᠦ ᠨᠢ ᠵᠤᠬᠢᠶᠠᠨ ᠪᠢᠴᠢᠬᠦ ᠪᠤᠯᠪᠠᠰᠤᠷᠠᠯ ᠳᠤ ᠦᠷᠭᠦᠯᠵᠢ ᠬᠡᠷᠡᠭᠯᠡᠳᠡᠭ ᠴᠢᠬᠤᠯᠠ ᠨᠢᠭᠡᠨ ᠬᠡᠯᠪᠡᠷᠢ ᠪᠤᠯᠤᠨ᠎ᠠ᠃ ᠰᠠᠶᠢᠨ ᠰᠡᠳᠦᠪ ᠪᠤᠯ ᠶᠡᠷᠦᠨᠢ ᠪᠦᠬᠦ ᠵᠤᠬᠢᠶᠠᠯ ᠢ ᠬᠤᠷᠢᠶᠠᠩᠭᠤᠢᠢᠯᠠᠵᠤ᠂ ᠭᠤᠤᠯ ᠰᠠᠨᠠᠭ᠎ᠠ ᠶᠢ ᠲᠤᠳᠤᠷᠬᠠᠢᠢᠯᠠᠨ ᠰᠤᠷᠤᠭᠴᠢᠳ ᠤᠨ ᠤᠷᠮ᠎ᠠ ᠪᠠᠬ᠎ᠠ ᠶᠢ ᠬᠦᠭᠵᠢᠭᠡᠬᠦ ᠦᠢᠯᠡᠳᠦᠯ ᠲᠠᠢ ᠪᠠᠶᠢᠳᠠᠭ ᠪᠤᠯᠬᠤᠷ ᠪᠠᠭᠰᠢ ᠠᠴᠠ ᠵᠤᠬᠢᠶᠠᠯ ᠤᠨ ᠰᠡᠳᠦᠪ ᠢ ᠲᠤᠭᠲᠠᠭᠠᠬᠤ ᠳᠠᠭᠠᠨ ᠡᠩ ᠲᠠᠷᠢᠭᠦᠨ ᠳᠤ ᠰᠤᠷᠤᠭᠴᠢᠳ ᠤᠨ ᠠᠮᠢᠳᠤᠷᠠᠯ ᠤᠨ ᠤᠷᠴᠢᠨ ᠠᠬᠤᠢ ᠪᠠ ᠡᠬᠢ ᠰᠤᠷᠪᠤᠯᠵᠢ ᠂ ᠲᠡᠳᠡᠨᠡᠷ ᠤᠨ ᠮᠡᠳᠡᠯᠭᠡ ᠲᠤᠷᠰᠢᠯᠭ᠎ᠠ᠂ ᠲᠠᠨᠢᠯᠲᠠ᠂ ᠰᠡᠳᠬᠢᠭᠦᠢ ᠶᠢᠨ ᠬᠢᠷᠢ ᠬᠡᠮᠵᠢᠶ᠎ᠡ ᠵᠡᠷᠭᠡ ᠶᠢ ᠪᠤᠳᠤᠯᠬᠢᠯᠠᠵᠤ᠂ ᠬᠡᠯᠡᠬᠦ ᠦᠭᠡ ᠲᠠᠢ᠂ ᠶᠠᠷᠢᠬᠤ ᠶᠠᠪᠤᠳᠠᠯ ᠲᠠᠢ᠂ ᠢᠯᠡᠳᠬᠡᠬᠦ ᠰᠡᠳᠬᠢᠯᠭᠡ ᠲᠠᠢ ᠪᠠᠶᠢᠯᠭᠠᠪᠠᠯ ᠵᠤᠬᠢᠨ᠎ᠠ᠃    ᠰᠤᠷᠤᠭᠴᠢᠳ ᠲᠤ ᠰᠡᠳᠦᠪ ᠦᠭᠭᠦᠮᠡᠭᠴᠡ ᠲᠡᠷᠡ ᠲᠠᠷᠤᠢ ᠪᠡᠶᠡᠯᠡᠬᠦᠯᠴᠢᠬᠡᠳᠡᠭ ᠶᠠᠭᠤᠮ ᠎ᠠ ᠪᠢᠰᠢ᠂ ᠬᠠᠷᠢᠨ ᠤᠯᠠᠨ ᠤᠳᠠᠭᠠᠨ ᠤ ᠦᠬᠡ ᠦᠬᠦᠯᠡᠪᠦᠷᠢ ᠶᠢᠨ ᠪᠤᠯᠪᠠᠰᠤᠷᠠᠯ ᠰᠤᠷᠭᠠᠭᠤᠯᠢᠯᠠᠯ ᠢᠶᠠᠷ ᠲᠠᠮᠵᠢᠮᠡᠨᠵᠢᠨ ᠰᠠᠶ᠋ᠢ ᠠᠯᠬᠤᠮ ᠠᠯᠬᠤᠮ ᠢᠶᠠᠷ ᠵᠤᠬᠢᠶᠠᠨ ᠪᠢᠴᠢᠬᠦ ᠬᠦᠯ ᠤᠯᠠ ᠪᠠᠨ ᠤᠯᠳᠠᠭ᠃ ᠬᠡᠳᠡᠯ ᠎ᠡ ᠮᠠᠨ ᠤ ᠵᠠᠷᠢᠮ ᠪᠠᠭᠰᠢ᠂ ᠰᠤᠷᠤᠭᠴᠢᠳ ᠲᠤ ᠰᠡᠳᠦᠪ ᠦᠭᠬᠦ ᠶᠢ ᠮᠡᠳᠡᠬᠦ ᠠᠴᠠ ᠪᠢᠰᠢ᠂ ᠴᠤᠬᠤᠮ ᠶᠠᠭᠠᠬᠢᠵᠦ ᠵᠢᠯᠤᠭᠤᠳᠬᠤ ᠲᠤᠬᠠᠢ ᠪᠤᠳᠤᠯᠬᠢᠯᠠᠳᠠᠭ ᠦᠭᠡᠢ ᠨᠡᠩ ᠴᠢᠨᠠᠭᠰᠢᠯᠠᠨ ᠪᠠᠭ᠎ᠠ ᠰᠤᠷᠭᠠᠭᠤᠯᠢ ᠶᠢᠨ ᠰᠤᠷᠤᠭᠴᠢᠳ ᠢᠶᠠᠷ ᠪᠡᠯᠡᠨ ᠵᠤᠬᠢᠶᠠᠯ ᠴᠡᠬᠡᠵᠢᠯᠡᠬᠦᠯᠵᠦ ︽ᠰᠢᠯᠭᠠᠯᠳᠠ ᠠᠷᠭᠠᠴᠠᠬᠤ︾ ᠡᠬᠦᠳᠡᠨ ᠠᠴᠠ ᠵᠤᠬᠢᠶᠠᠨ ᠪᠢᠴᠢᠯᠬᠡ ᠶᠢᠨ ᠵᠢᠭᠠᠨ ᠵᠢᠯᠤᠭᠤᠳᠬᠤ ᠶᠢ ᠬᠦᠩᠬᠡᠪᠴᠢᠯᠡᠳᠡᠭ ᠤᠨ ᠤᠯᠠᠮ ᠠᠴᠠ ᠰᠤᠷᠤᠭᠴᠢᠳ ᠨᠢ ᠪᠠᠭ᠎ᠠ ᠰᠤᠷᠭᠠᠭᠤᠯᠢ ᠲᠡᠬᠦᠰᠳᠡᠯ ᠎ᠡ ᠪᠠᠨ ᠪᠦᠲᠦᠨ ᠦᠬᠦᠯᠡᠪᠦᠷᠢ ᠵᠤᠬᠢᠶᠠᠵᠦ ᠴᠢᠳᠠᠬᠤ ᠦᠭᠡᠢ᠂ ᠵᠤᠬᠢᠶᠠᠯ ᠬᠡᠪᠡᠯ ᠪᠢᠴᠢᠬᠦ ᠶᠠᠭᠤᠮ ᠎ᠠ ᠪᠠᠨ ᠤᠯᠬᠤ ᠦᠭᠡᠢ ᠭᠠᠷ ᠢᠶᠠᠨ ᠨᠤᠬᠤᠯᠠᠨ ᠭᠠᠴᠢᠭᠳᠠᠨ ᠰᠠᠭᠤᠳᠠᠭ ᠨᠢ ᠮᠤᠩ ᠦᠭᠡᠢ᠃ ᠡᠶᠢᠮᠦ ᠠᠴᠠ ᠡᠨᠡᠬᠦ ᠪᠠᠶᠢᠳᠠᠯ ᠳᠤ ᠴᠢᠭᠯᠡᠬᠦᠯᠦᠨ ᠲᠤᠤᠷᠠᠬᠢ ᠮᠡᠲᠤ ᠬᠡᠳᠦᠨ ᠠᠰᠠᠭᠤᠳᠠᠯ ᠢ ᠠᠩᠬᠠᠷᠤᠯ ᠳᠠᠭᠠᠨ ᠠᠪᠴᠤ ᠪᠤᠳᠠᠳᠠᠢ ᠪᠠᠷ ᠵᠢᠭᠠᠨ ᠵᠢᠯᠤᠭᠤᠳᠪᠠᠯ ᠵᠤᠬᠢᠨ᠎ᠠ᠄    1᠂ ᠡᠳᠦᠷ ᠲᠤᠳᠤᠮ ᠤᠨ ᠠᠮᠢᠳᠤᠷᠠᠯ ᠤᠨ ᠲᠤᠮᠳᠠ ᠲᠤᠬᠢᠶᠠᠯᠳᠤᠭᠰᠠᠨ ᠬᠡᠷᠡᠭ ᠤᠴᠢᠷ ᠢ ᠰᠤᠷᠤᠭᠴᠢᠳ ᠢᠶᠠᠷ ᠡᠮᠬᠢ ᠲᠠᠷᠠᠭ᠎ᠠ ᠲᠠᠢ ᠪᠠᠷ ᠰᠡᠳᠬᠢᠬᠦᠯᠦᠨ ᠪᠤᠳᠤᠭᠤᠯᠵᠦ᠂ ᠤᠢᠢᠯᠠᠭᠠᠯᠳᠠ ᠪᠠ ᠲᠠᠨᠢᠯᠳᠠ ᠲᠦᠷᠦᠭᠳᠡᠯ ᠢ ᠨᠢ ᠲᠡᠮᠳᠡᠭᠯᠡᠬᠦᠯᠦᠨ᠂ ᠠᠮᠢᠳᠤᠷᠠᠯ ᠳᠤ ᠬᠦᠨᠵᠡᠬᠡᠶᠢᠷᠡᠬᠦᠯᠪᠡᠯ ᠵᠤᠬᠢᠶᠠᠨ ᠪᠢᠴᠢᠯᠬᠡ ᠶᠢᠨ ᠠᠩᠭ ᠎ᠠ ᠠᠯᠬᠤᠮ ᠤᠨ ᠰᠠᠭᠤᠷᠢ ᠶᠢ ᠲᠠᠯᠪᠢᠵᠦ ᠪᠤᠯᠤᠨ᠎ᠠ᠃       2᠂ ᠶᠡᠷᠦ ᠳᠡᠭᠡᠨ ᠬᠡᠷᠡᠭᠯᠡᠳᠡᠭ ᠪᠢᠴᠢᠭ ᠪᠠᠷᠢᠮᠳᠠ ᠶᠢᠨ ᠵᠤᠬᠢᠶᠠᠯ᠂ ᠡᠳᠦᠷ ᠤᠨ ᠲᠡᠮᠲᠡᠭᠯᠡᠯ ᠵᠢᠴᠢ ᠲᠡᠮᠲᠡᠭᠯᠡᠨ ᠲᠤᠭᠠᠴᠢᠭᠰᠠᠨ ᠵᠤᠬᠢᠶᠠᠯ ᠤᠨ ᠦᠨᠳᠦᠰᠦᠨ ᠤᠨᠤᠯ᠂ ᠮᠡᠳᠡᠯᠬᠡ᠂ ᠪᠢᠴᠢᠯᠬᠡ ᠶᠢᠨ ᠠᠷᠭ᠎ᠠ ᠶᠢ ᠲᠤᠲᠤᠷᠬᠠᠢ ᠲᠠᠨᠢᠭᠤᠯᠤᠨ ᠂ ᠬᠢᠴᠢᠶᠡᠯ ᠤᠨ ᠪᠢᠴᠢᠭ ᠲᠠᠬᠢ ᠵᠤᠬᠢᠶᠠᠨ ᠪᠢᠴᠢᠯᠭᠡ ᠶᠢᠨ ᠲᠤᠰᠠᠯᠠᠮᠵᠢ ᠶᠢᠨ ᠠᠭᠤᠯᠭ᠎ᠠ ᠶᠢ ᠠᠯᠬᠤᠮ ᠲᠠᠷᠠᠭ᠎ᠠ ᠲᠠᠢ᠂ ᠰᠢᠰᠲ᠋ᠧᠮ ᠲᠠᠢ ᠡᠵᠡᠮᠰᠢᠬᠦᠯᠪᠡᠯ ᠵᠤᠬᠢᠶᠠᠨ ᠪᠢᠴᠢᠬᠦ ᠳᠤ ᠤᠨᠤᠯ ᠦᠢᠯᠡᠳᠦᠯᠬᠡ ᠲᠠᠢ ᠤᠶᠠᠯᠳᠤᠭᠤᠯᠵᠦ ᠴᠢᠳᠠᠨ᠎ᠠ᠃      3᠂ ᠰᠤᠷᠤᠭᠴᠢᠳ ᠤᠨ ᠤᠨᠴᠠᠯᠢᠭ ᠲᠤ ᠲᠤᠬᠢᠷᠠᠭᠤᠯᠤᠨ ᠬᠢᠴᠢᠶᠡᠯ ᠤᠨ ᠪᠢᠴᠢᠭ ᠤᠨ ᠵᠠᠷᠢᠮ ᠵᠤᠬᠢᠶᠠᠯ ᠤᠨ ᠬᠡᠯᠪᠡᠷᠢ ᠲᠦᠷᠰᠦ ᠶᠢ ᠲᠠᠭᠤᠷᠢᠶᠠᠯᠭᠠᠨ ᠵᠤᠬᠢᠶᠠᠨ ᠪᠢᠴᠢᠬᠦᠯᠵᠦ᠂ ᠠᠷᠭ᠎ᠠ ᠮᠠᠶ᠋ᠢᠭ ᠢ ᠨᠢ ᠦᠪᠡᠷ ᠤᠨ ᠢᠶᠠᠨ ᠮᠡᠳᠡᠯᠬᠡ ᠪᠤᠯᠭᠠᠨ ᠡᠵᠡᠮᠰᠢᠬᠦᠯᠦᠨ᠎ᠡ᠃      4᠂ ᠰᠤᠷᠴᠦ ᠦᠩᠬᠡᠷᠡᠭᠰᠡᠨ ᠦᠬᠡ ᠦᠬᠦᠯᠡᠪᠦᠷᠢ ᠶᠢ ᠴᠡᠬᠡᠵᠢᠯᠡᠬᠦᠯᠵᠦ᠂ ᠦᠬᠡᠰ ᠤᠨ ᠰᠠᠩ ᠢ ᠨᠢ ᠪᠠᠶᠠᠯᠢᠭᠵᠢᠭᠤᠯᠵᠦ᠂ ᠦᠪᠡᠷ ᠤᠨ ᠵᠤᠬᠢᠶᠠᠯ ᠳᠠᠭᠠᠨ ᠠᠮᠢᠳᠤᠯᠢᠭ ᠢᠶᠠᠷ ᠠᠰᠢᠭᠯᠠᠵᠦ ᠴᠢᠳᠠᠬᠤ ᠪᠤᠯᠭᠠᠨ᠎ᠠ᠃      5᠂ ᠪᠠᠭᠰᠢ ᠠᠴᠠ ᠵᠤᠬᠢᠶᠠᠯ ᠤᠨ ᠰᠡᠳᠦᠪ ᠪᠤᠶᠤ ᠱᠠᠭᠠᠷᠳᠠᠯᠭ᠎ᠠ ᠪᠠᠨ ᠲᠤᠲᠤᠷᠬᠠᠢ ᠲᠤᠰᠢᠶᠠᠭᠰᠠᠨ ᠰᠠᠭᠤᠷᠢᠨ ᠲᠡᠭᠡᠷ᠎ᠡ ᠰᠤᠷᠤᠭᠴᠢᠳ ᠲᠤ ᠲᠦᠬᠦᠮ ᠠᠪᠰᠠᠷᠬᠠᠨ ᠦᠬᠡ ᠪᠠᠷ ᠬᠡᠷᠬᠢᠨ ᠵᠤᠬᠢᠶᠠᠬᠤ ᠲᠤᠬᠠᠢ ᠶᠠᠷᠢᠵᠦ ᠦᠭᠬᠦᠬᠡᠳ ︽ᠪᠤᠷᠤ ᠲᠦᠯᠦᠪ︾ ᠢ ᠨᠢ ᠭᠠᠷᠭᠠᠵᠦ ᠦᠭᠴᠦ ᠪᠤᠯᠤᠨ᠎ᠠ᠃ ᠵᠢᠱᠢᠶᠡᠯᠡᠪᠡᠯ ︽ᠮᠢᠨᠦ ᠡᠵᠢ︾ ᠬᠡᠰᠡᠨ ᠭᠠᠷᠴᠠᠭ ᠲᠠᠢ ᠲᠡᠮᠳᠡᠭᠯᠡᠨ ᠲᠤᠭᠠᠴᠢᠭᠰᠠᠨ ᠵᠤᠬᠢᠶᠠᠯ ᠪᠢᠴᠢᠬᠦᠯᠪᠡᠯ᠂ ᠲᠡᠲᠡᠨᠠᠷ ᠯᠠᠪᠳᠠᠶ᠎ᠠ ᠡᠵᠢ ᠶᠢᠨ ᠢᠶᠠᠨ ᠡᠳᠦᠷ ᠲᠤᠵᠢ ᠠᠵᠢᠯ ᠳᠠᠭᠠᠨ ᠮᠤᠩᠭᠠᠨᠢᠨ ᠶᠠᠳᠠᠷᠠᠵᠦ ᠵᠦᠳᠡᠷᠡᠵᠦ ᠪᠠᠶᠢᠭ᠎ᠠ ᠠᠴᠠ ᠰᠦᠪᠡᠭᠴᠢ ᠠᠪᠴᠦ ᠶᠠᠳᠠᠷᠠᠯ ᠵᠦᠳᠡᠷᠡᠯ ᠲᠠᠢ ᠪᠠᠶᠢᠳᠠᠯ ᠢ ᠭᠤᠤᠯᠳᠠᠯᠭ᠎ᠠ ᠪᠤᠯᠭᠠᠨ ᠪᠢᠴᠢᠨ᠎ᠠ᠃ ᠬᠡᠳᠡᠯ᠎ᠡ ᠤᠯᠠᠩᠬᠢ ᠰᠤᠷᠤᠭᠴᠢᠳ ᠡᠵᠢ ᠪᠠᠨ ᠬᠡᠳᠦᠨ ᠦᠬᠡ ᠪᠠᠷ ᠮᠠᠭᠳᠠᠨ ᠰᠠᠶᠢᠰᠢᠶᠠᠬᠤ ᠠᠴᠠ ᠪᠢᠰᠢ᠂ ᠪᠤᠳᠠᠳᠠᠢ ᠠᠭᠤᠯᠭ᠎ᠠ ᠦᠭᠡᠢ᠂ ᠬᠡᠯᠡᠭᠰᠡᠨ ᠵᠦᠢᠯ ᠢᠶᠠᠨ ᠲᠠᠪᠳᠠᠬᠤ᠂ ᠡᠬᠢᠯᠡᠯᠳᠡ᠂ ᠵᠤᠬᠢᠶᠠᠯ ᠤᠨ ᠤᠷᠬᠢᠯ᠂ ᠲᠡᠬᠦᠰᠬᠡᠯ ᠨᠢ ᠢᠯᠭᠠᠭᠳᠠᠬᠤ ᠦᠭᠡᠢ ᠵᠦᠢᠯ ᠪᠢᠴᠢᠳᠡᠭ᠃ ᠦᠨᠡᠨ ᠳᠡᠭᠡᠨ ᠡᠵᠢ ᠶᠢᠨ ᠢᠶᠠᠨ ᠶᠠᠳᠠᠷᠠᠯ ᠵᠦᠳᠡᠷᠡᠯ ᠢ ᠬᠠᠶᠢᠬᠤᠷᠤᠯ ᠦᠭᠡᠢ ᠦᠷ᠎ᠡ ᠬᠡᠦᠬᠡᠳ ᠤᠨ ᠢᠶᠠᠨ ᠮᠡᠳᠡᠯᠬᠡ ᠡᠵᠡᠮᠰᠢᠬᠦ ᠳᠤ ᠪᠠᠶ᠎ᠡ ᠰᠡᠳᠬᠢᠯ ᠢᠶᠠᠨ ᠵᠦᠳᠡᠬᠡᠵᠦ ᠪᠠᠶᠢᠭ᠎ᠠ ᠶᠢ ᠦᠬᠦᠯᠡᠨ ᠲᠤᠭᠠᠴᠢᠵᠦ᠂ ᠡᠬᠡ ᠬᠦᠮᠦᠨ ᠤ ᠡᠨᠡᠷᠢᠩᠬᠦᠢ ᠰᠡᠳᠬᠢᠯ ᠢ ᠢᠯᠡᠷᠡᠬᠦᠯᠬᠦ ᠪᠠᠷ ᠰᠦᠪᠡᠭᠴᠢ ᠪᠤᠯᠭᠠᠨ ᠪᠢᠴᠢᠬᠦ ᠳᠤ ᠬᠦᠷᠪᠡᠯ ᠪᠢᠴᠢᠬᠦ ᠶᠠᠭᠤᠮ ᠎ᠠ ᠪᠢᠰᠢᠬᠦᠢ ᠤᠯᠠᠨ ᠪᠢᠰᠢ ᠶᠤᠮ ᠤᠤ︕      ᠲᠦᠷᠪᠡ ᠵᠤᠬᠢᠶᠠᠨ ᠪᠢᠴᠢᠬᠦ ᠳᠤ ᠳᠠᠳᠬᠠᠯᠰᠢᠭᠤᠯᠬᠤ᠃ ᠵᠤᠬᠢᠶᠠᠨ ᠪᠢᠴᠢᠯᠬᠡ ᠶᠢᠨ ᠤᠨᠤᠯ ᠮᠡᠳᠡᠯᠬᠡ ᠶᠢ ᠰᠠᠶᠢᠳᠤᠷ ᠡᠵᠡᠮᠰᠢᠵᠦ ᠤᠢᠢᠯᠠᠭᠠᠭᠰᠠᠨ ᠰᠠᠭᠤᠷᠢᠨ ᠲᠡᠭᠡᠷ ᠎ᠡ ᠪᠤᠳᠠᠳᠤ ᠬᠡᠷᠡᠭ ᠤᠴᠢᠷ ᠲᠤ ᠲᠠᠨᠢᠯᠳᠠ ᠤᠢᠢᠯᠠᠭᠠᠯᠳᠠ ᠲᠠᠢ ᠪᠤᠯᠴᠢᠬᠠᠪᠠᠯ᠂ ᠵᠤᠬᠢᠶᠠᠨ ᠪᠢᠴᠢᠬᠦ ᠳᠤ ᠲᠦᠬᠦᠮ ᠰᠢᠭᠤᠳ ᠰᠢᠯᠤᠭᠤᠨ ᠪᠤᠯᠳᠠᠭ᠃ ᠲᠡᠬᠡᠪᠡᠯ ᠲᠡᠲᠡᠨ ᠤ ᠪᠢᠴᠢᠭᠰᠡᠨ ᠵᠤᠬᠢᠶᠠᠯ ᠤᠨ ᠠᠭᠤᠯᠭ᠎ᠠ ᠨᠢ ᠪᠦᠷᠢᠨ᠂ ᠯᠤᠬᠢᠭ ᠲᠤ ᠨᠡᠶᠢᠴᠡᠬᠦ ᠮᠦᠷᠳᠡᠬᠡᠨ ᠵᠤᠬᠢᠶᠠᠮᠵᠢ ᠶᠢᠨ ᠲᠠᠯ ᠎ᠠ ᠪᠠᠷ ᠡᠮᠬᠢ ᠲᠠᠷᠠᠭ᠎ᠠ ᠲᠠᠢ᠂ ᠠᠯᠬᠤᠮ ᠪᠦᠷᠢ ᠳᠤ ᠲᠡᠭᠡᠭᠰᠢᠯᠡᠯᠳᠡ ᠲᠠᠢ᠂ ᠲᠠᠪᠰᠢᠯᠳᠠ ᠲᠠᠢ ᠪᠤᠯᠵᠦ ᠴᠢᠳᠠᠨ᠎ᠠ᠃ ᠦᠬᠡᠷ ᠎ᠡ ᠪᠠᠷ ᠬᠡᠯᠡᠪᠡᠯ᠂ ᠲᠠᠳᠤᠯᠭ᠎ᠠ ᠪᠤᠯᠪᠠᠰᠤᠷᠠᠯ ᠤᠨ ᠬᠦᠨᠵᠡᠬᠡᠶᠢᠷᠡᠬᠦ ᠶᠢ ᠲᠠᠭᠠᠯᠳᠤᠨ ᠲᠡᠲᠡᠨᠤᠰ ᠤᠨ ᠵᠤᠬᠢᠶᠠᠨ ᠪᠢᠴᠢᠬᠦ ᠴᠢᠳᠠᠪᠤᠷᠢ ᠴᠦ ᠮᠡᠳᠡᠭᠳᠡᠬᠦ᠋ᠢᠴᠡ ᠰᠠᠶᠢᠵᠢᠷᠠᠵᠦ ᠴᠢᠳᠠᠨ᠎ᠠ᠃ ᠡᠬᠦᠨ ᠳᠤ ᠪᠠᠭᠰᠢ ᠶᠢᠨ ᠵᠢᠭᠠᠨ ᠵᠢᠯᠤᠭᠤᠳᠤᠯᠭ᠎ᠠ ᠬᠠᠮᠤᠭ ᠠᠴᠠ ᠴᠢᠬᠤᠯᠠ ᠪᠠᠶᠢᠳᠠᠭ᠃ ᠰᠤᠷᠤᠭᠴᠢᠳ ᠵᠤᠬᠢᠶᠠᠨ ᠪᠢᠴᠢᠬᠦ ᠳᠡᠭᠡᠨ ᠦᠬᠦᠯᠡᠨ ᠲᠤᠭᠠᠴᠢᠭᠰᠠᠨ ᠬᠡᠷᠡᠭ ᠪᠤᠳᠠᠰ ᠤᠨ ᠢᠶᠠᠨ ᠲᠤᠬᠠᠢ ᠵᠦᠪ ᠤᠨᠤᠪᠴᠢᠲᠠᠢ ᠲᠠᠨᠢᠯᠳᠠ ᠪᠠᠷ ᠲᠤᠳᠠᠮᠠᠭ ᠪᠤᠶᠤ ᠦᠵᠡᠯ ᠰᠠᠨᠠᠭ᠎ᠠ ᠪᠤᠳᠤᠯ ᠰᠡᠳᠬᠢᠯᠬᠡ ᠪᠠᠨ ᠢᠯᠡᠳᠬᠡᠬᠦ ᠲᠤᠬᠢᠷᠠᠮᠵᠢᠲᠠᠢ ᠦᠬᠡ ᠦᠬᠦᠯᠡᠪᠦᠷᠢ ᠤᠯᠵᠦ ᠶᠠᠳᠠᠳᠠᠬ ᠠᠴᠠ ᠰᠤᠩᠭᠤᠭᠰᠠᠨ ᠮᠠᠲ᠋ᠧᠷᠢᠶᠠᠯ ᠢᠶᠠᠨ ᠡᠮᠬᠢᠯᠡᠨ ᠨᠠᠶᠢᠷᠠᠭᠤᠯᠬᠤ ᠲᠠᠯ ᠎ᠠ ᠪᠠᠷ ᠬᠦᠴᠢᠷᠳᠡᠳᠡᠭ᠃ ᠡᠶᠢᠨᠬᠦ ᠵᠤᠬᠢᠶᠠᠨ ᠪᠢᠴᠢᠬᠦ ᠪᠤᠯᠪᠠᠰᠤᠷᠠᠯ ᠤᠨ ᠶᠠᠪᠤᠴᠠ ᠲᠤᠮᠳᠠ ᠪᠠᠭᠰᠢ ᠵᠢᠭᠠᠨ ᠵᠢᠯᠤᠭᠤᠳᠴᠦ ᠪᠠᠶᠢᠬᠤ ᠠᠴᠠ ᠭᠠᠳᠠᠨ᠎ᠠ ᠪᠠᠰᠠ ᠵᠤᠬᠢᠶᠠᠨ ᠪᠢᠴᠢᠭᠰᠡᠨ ᠤ ᠬᠤᠶᠢᠨᠠᠬᠢ ᠵᠠᠰᠠᠯᠳᠠ᠂ ᠵᠠᠳᠠᠯᠤᠯᠳᠠ᠂ ᠦᠨᠡᠯᠡᠯᠳᠡ᠂ ᠳ᠋ᠦᠩᠨᠡᠯᠳᠡ᠂ ᠬᠤᠶᠢᠰᠢᠳᠠ ᠶᠢᠨ ᠵᠤᠬᠢᠶᠠᠨ ᠪᠢᠴᠢᠯᠬᠡ ᠶᠢᠨ ᠲᠤᠬᠠᠢ ᠵᠢᠭᠠᠵᠦ ᠭᠠᠷᠭᠠᠭᠰᠠᠨ ᠰᠠᠨᠠᠭᠤᠯᠭ᠎ᠠ ᠵᠡᠷᠬᠡ ᠨᠢ ᠵᠤᠬᠢᠶᠠᠨ ᠪᠢᠴᠢᠯᠬᠡ ᠶᠢᠨ ᠲᠡᠬᠡᠭᠰᠢᠯᠡᠯᠳᠡ ᠬᠢᠬᠡᠳ ᠭᠠᠷᠰᠢᠬᠤ ᠳᠤ ᠲᠦᠢᠯ ᠤᠨ ᠴᠢᠬᠤᠯᠠ ᠦᠢᠯᠡᠳᠦᠯ ᠦᠵᠡᠬᠦᠯᠳᠡᠭ᠃
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号