ᠦᠢᠷ᠎ᠠ ᠳᠤ᠂ ᠲᠠᠭᠠᠳᠬᠠᠯ ᠤᠨ ᠦᠢᠯᠡᠰ ᠤᠨ ᠬᠢᠨᠠᠨ ᠬᠠᠮᠢᠶᠠᠷᠬᠤ ᠵᠦᠪᠯᠡᠯ ᠤᠨ ᠠᠯᠪᠠᠨ ᠲᠠᠯ᠎ᠠ ᠶᠢᠨ | ᠰᠦᠯᠵᠢᠶᠠᠮᠡᠳᠡᠭᠳᠡᠯ ᠨᠡᠶᠢᠳᠡᠯᠡᠵᠤ ᠬᠡᠯᠡᠬᠦ ᠳᠡᠭᠡᠨ᠂ ᠲᠤᠮᠳᠠᠳᠤ ᠤᠯᠤᠰ ᠤᠨ ᠲᠠᠭᠠᠳᠬᠠᠯ ᠤᠨ ᠦᠢᠯᠡᠰ ᠤᠨ ᠬᠢᠨᠠᠨ | ᠬᠠᠮᠢᠶᠠᠷᠬᠤ ᠵᠦᠪᠯᠡᠯ ᠦᠢᠷ᠎ᠠ ᠳᠤ《ᠲᠠᠭᠠᠳᠬᠠᠯ ᠤᠨ ᠪᠤᠷᠤᠯᠠᠭᠤᠯᠭ᠎ᠠ ᠶᠢᠨ ᠦᠢᠯᠠ ᠠᠵᠢᠯᠯᠠᠭ᠎ᠠ ᠶᠢ ᠦᠭᠰᠦᠬᠦᠯᠦᠨ | ᠪᠠᠶᠢᠴᠠᠭᠠᠵᠤ ᠪᠤᠯᠬᠤ ᠬᠠᠮᠢᠶᠠᠷᠤᠯᠳᠠ ᠶᠢᠨ ᠲᠦᠷ ᠬᠡᠷᠡᠭᠵᠢᠬᠦᠯᠬᠦ ᠠᠷᠭ᠎ᠠ》 ︵ᠲᠤᠷᠤᠬᠰᠢ《ᠠᠷᠭ᠎ᠠ》ᠭᠡᠵᠤ | ᠲᠤᠪᠴᠢᠯᠠᠨ᠎ᠠ︶ ᠵᠢᠨᠠᠶᠢᠲᠡᠯᠡᠪᠡ᠂《ᠠᠷᠭ᠎ᠠ》 ᠨᠢ ᠲᠠᠭᠠᠳᠬᠠᠯ ᠤᠨ ᠺᠤᠮᠫᠠᠨᠢ᠂ ᠲᠠᠭᠠᠳᠬᠠᠯ ᠤᠨ ᠵᠠᠭᠤᠴᠢ | ᠪᠠᠶᠢᠭᠤᠯᠦᠮᠵᠢ ᠶᠢᠨ ᠲᠠᠭᠠᠳᠬᠠᠯ ᠤᠨᠪᠤᠷᠤᠯᠠᠭᠤᠯᠭᠠ ᠶᠢᠨ ᠦᠢᠯᠡ ᠠᠵᠢᠯᠯᠠᠭ᠎ᠠ ᠶᠢ ᠦᠭᠰᠦᠬᠦᠯᠦᠨ ᠪᠠᠶᠢᠴᠠᠭᠠᠵᠤ | ᠪᠤᠯᠬᠤ ᠬᠠᠮᠢᠶ᠋ᠷᠤᠯᠳᠠ ᠪᠠᠷ ᠲᠡᠮᠵᠢᠭᠤᠯᠤᠨ᠂ᠲᠠᠭᠠᠳᠬᠠᠯ ᠪᠤᠷᠤᠯᠠᠭᠤᠯᠬᠤ ᠶᠠᠪᠤᠴᠠ ᠶᠢᠨ ᠵᠠᠩᠬᠢᠯᠠᠭ᠎ᠠ ᠶᠢᠨ ᠭᠤᠭᠴᠤᠭ᠎ᠠ | ᠶᠢ ᠲᠡᠮᠳᠡᠭᠯᠡᠨ ᠬᠠᠳᠠᠭᠠᠯᠠᠵᠤ᠂ ᠪᠤᠷᠤᠯᠠᠭᠤᠯᠭ᠎ᠠ ᠵᠢᠨᠦᠢᠯᠡ ᠠᠵᠢᠯᠯᠠᠭ᠎ᠠ ᠶᠢ ᠡᠷᠬᠢᠵᠤ ᠦᠵᠡᠵᠤ ᠪᠤᠯᠬᠤ᠂ ᠴᠢᠬᠤᠯᠠ | ᠮᠡᠳᠡᠭᠡ ᠵᠠᠩᠬᠢ ᠶᠢ ᠪᠠᠶᠢᠴᠠᠭᠠᠨ ᠯᠠᠪᠯᠠᠵᠤ ᠪᠤᠯᠬᠤ᠂ ᠠᠰᠠᠭᠤᠳᠠᠯ ᠬᠠᠷᠢᠭᠤᠴᠠᠯᠭ᠎ᠠ ᠶᠢ ᠨᠤᠳᠠᠯᠠᠵᠤ ᠪᠤᠯᠬᠤ ᠶᠢ | ᠪᠡᠶᠡᠯᠡᠬᠦᠯᠬᠦ ᠪᠤᠯᠤᠨ᠎ᠠ᠃ ᠲᠤᠰ ᠠᠷᠭ᠎ᠠ ᠶᠢ 2017 ᠤᠨ ᠤ 11 ᠰᠠᠷ᠎ᠠ ᠶᠢᠨ 1 ᠤ ᠡᠳᠤᠷ ᠠᠴᠠ ᠡᠬᠢᠯᠡᠵᠤ | ᠬᠡᠷᠡᠭᠵᠢᠬᠦᠯᠤᠨ᠎ᠠ ᠭᠡᠵᠠᠢ᠃ ᠬᠤᠤᠰ ᠰᠢᠩᠭᠡᠭᠡᠯᠳᠡ ᠬᠡᠳᠡᠭ ᠨᠢ ᠳᠠᠭᠠᠳᠬᠠᠭᠤᠯᠬᠤ ᠦᠶ᠎ᠠ ᠳᠤ ᠲᠠᠭᠤ ᠰᠢᠩᠭᠡᠭᠡᠵᠤ | ᠲᠦᠷᠰᠤ ᠰᠢᠩᠭᠡᠭᠡᠬᠦ ᠶᠢ ᠬᠡᠯᠡᠨ᠎ᠡ᠃ ᠬᠤᠶᠠᠷ ᠵᠦᠢᠯ ᠤᠨ ᠲᠡᠮᠳᠡᠭᠯᠡᠬᠦ ᠠᠷᠭ᠎ᠠ ᠮᠠᠶ᠋ᠢᠭ ᠪᠠᠶᠢᠳᠠᠭ᠄ ᠨᠢᠭᠡ ᠳᠤ ᠲᠠᠭᠤ | ᠰᠢᠩᠭᠡᠭᠡᠬᠦ᠂ ᠲᠦᠷᠰᠤ ᠰᠢᠩᠭᠡᠭᠡᠬᠦ ᠶᠢ ᠢᠵᠢᠯ ᠠᠯᠬᠤᠮ ᠢᠶᠠᠷ ᠶᠠᠪᠤᠭᠤᠯᠤᠨ᠎ᠠ᠃ ᠬᠤᠶᠠᠷ ᠲᠤ ᠲᠠᠭᠤ ᠰᠢᠩᠭᠡᠭᠡᠬᠦ᠂ | ᠵᠢᠷᠤᠭ ᠲᠠᠳᠠᠬᠤ᠂ ᠲᠠᠭᠠᠳᠬᠠᠭᠤᠯᠬᠤ ᠢᠯᠡᠷᠭᠡᠶᠢᠯᠡᠯᠳᠡ ᠶᠢᠨ ᠪᠢᠴᠢᠭ ᠢ ᠢᠵᠢᠯ ᠠᠯᠬᠤᠮ ᠢᠶᠠᠷ ᠴᠤᠭᠯᠠᠭᠤᠯᠤᠨ᠎ᠠ᠃ | | |