9 ᠰᠠᠷ᠎ᠠ ᠶᠢᠨ 25 ᠤ ᠡᠳᠦᠷ᠂ ᠥᠪᠦᠷ ᠮᠤᠩᠭᠤᠯ ᠤᠨ ᠯᠢᠩ ᡁᠢ ᠲᠦᠮᠦᠰᠦ ᠶᠢᠨ ᠰᠢᠨᠵᠢᠯᠡᠬᠦ ᠣᠬᠠᠭᠠᠨ | ᠮᠡᠷᠭᠡᠵᠢᠯ ᠤᠨ ᠬᠤᠪᠢ ᠤᠷᠣᠭᠤᠯᠣᠭᠰᠠᠨ ᠬᠢᠵᠠᠭᠠᠷᠲᠣ ᠺᠤᠮᠫᠠᠨᠢ ᠶᠢᠨ ᠰᠢᠨ᠎ᠡ ᠪᠠᠷ ᠪᠠᠶᠢᠭᠤᠯᠣᠭᠰᠠᠨ ᠤᠳᠤᠬᠢᠴᠢᠯᠠᠭᠰᠠᠨ | ᠡᠳ᠋ᠰᠢᠭᠦᠯᠬᠦ ᠦᠢᠯᠡᠳᠪᠦᠷᠢ ᠨᠢ ᠬᠤᠷᠢᠶᠠᠭᠰᠠᠨ ᠲᠦᠮᠦᠰᠦ ᠪᠠᠨ ᠬᠦᠮᠦᠷᠬᠡᠯᠡᠨᠡ᠃ | | | | | | | | ᠥᠪᠥᠷ ᠮᠤᠩᠭᠤᠯ ᠤᠨ ᠯᠢᠩ ᡁᠢ ᠲᠦᠮᠦᠰᠦ ᠶᠢᠨ ᠬᠡᠷᠴᠢᠮᠡᠯ ᠢ ᠡᠳ᠋ᠰᠢᠭᠦᠯᠦᠨ ᠬᠦᠯᠳᠡᠭᠡᠬᠦ ᠢᠨᠵᠧᠨᠢᠸ᠋ᠷᠢᠩ ᠪᠣᠯ | ᠯᠢᠩ ᡁᠢ ᠬᠤᠪᠢ ᠤᠷᠦᠭᠤᠯᠣᠭᠰᠠᠨ ᠬᠢᠵᠠᠭᠠᠷᠲᠣ ᠺᠤᠮᠫᠠᠨᠢ ᠪᠤᠯᠣᠨ ᠪᠦᠬᠦ ᠳᠡᠯᠡᠬᠡᠢ ᠶᠢᠨ ᠴᠢᠬᠤᠯᠠ ᠲᠦᠮᠦᠰᠦ ᠶᠢᠨ | ᠢᠳᠡᠭᠡᠨ ᠤ ᠬᠠᠩᠭᠠᠭᠴᠢ — ᠬᠤᠯᠠᠨᠳ᠋ ᠤᠨ ᠹᠷᠠᠮᠹᠷᠦ᠋ᠢ ᠺᠤᠮᠫᠠᠨᠢ ᠬᠠᠮᠳᠤᠪᠡᠷ ᠪᠠᠶᠢᠭᠤᠯᠣᠭᠰᠠᠨ ᠲᠦᠮᠦᠰᠦ ᠶᠢᠨ | ᠬᠡᠷᠴᠢᠮᠡᠯ ᠢ ᠡᠳ᠋ᠰᠢᠭᠦᠯᠦᠨ ᠬᠦᠯᠳᠡᠭᠡᠬᠦ ᠢᠨᠵᠧᠨᠢᠸ᠋ᠷᠢᠩ ᠪᠣᠯᠣᠨ᠎ᠠ᠃ | | | | | | | | | | | | | | | | | | | | | | | ᠲᠤᠰ ᠢᠨᠵᠧᠨᠢᠸ᠋ᠷᠢᠩ ᠨᠢ ᠨᠡᠶᠢᠲᠡ 106000 ᠲᠦᠮᠡᠨ ᠲᠦᠭᠦᠷᠢᠭ ᠠ ᠪᠡᠯᠡ ᠣᠷᠣᠭᠤᠯᠵᠣ᠂ ᠰᠢᠨ᠎ᠡ ᠪᠠᠷ | ᠪᠠᠶᠢᠭᠤᠯᠣᠭᠰᠠᠨ ᠤᠳᠤᠬᠢᠴᠢᠯᠠᠭᠰᠠᠨ ᠡᠳ᠋ᠰᠢᠭᠦᠯᠬᠦ ᠦᠢᠯᠡᠳᠪᠦᠷᠢ ᠲᠠᠢ᠂ ᠳᠡᠯᠡᠬᠡᠢ ᠶᠢᠨ ᠲᠦᠮᠦᠰᠦ ᠶᠢᠨ ᠬᠡᠷᠴᠢᠮᠡᠯ ᠢ | ᠡᠳ᠋ᠰᠢᠭᠦᠯᠬᠦ ᠬᠠᠮᠤᠭ ᠳᠠᠪᠰᠢᠩᠭᠤᠢ ᠮᠡᠷᠭᠡᠵᠢᠯ ᠲᠠᠢ᠂ ᠵᠢᠯ ᠳᠤ 7 ᠲᠦᠮᠡᠨ ᠲᠣᠨ ᠲᠦᠮᠦᠰᠦ ᠶᠢᠨ ᠬᠡᠷᠴᠢᠮᠡᠯ ᠢ | ᠡᠳ᠋ᠰᠢᠭᠦᠯᠦᠨ ᠬᠦᠯᠳᠡᠭᠡᠵᠣ᠂ 14 ᠲᠦᠮᠡᠨ ᠲᠣᠨ ᠲᠦᠮᠦᠰᠦ ᠡᠳ᠋ᠰᠢᠭᠦᠯᠵᠦ᠂ 300 ᠭᠠᠷᠣᠢ ᠬᠦᠮᠦᠨ ᠳᠤ ᠠᠵᠢᠯ | ᠤᠯᠭᠤᠬᠤ ᠶᠢᠨ ᠬᠠᠮᠲᠣ ᠳᠡᠯᠡᠬᠡᠢ ᠶᠢᠨ ᠨᠡᠷᠡᠲᠦ ᠺᠣᠮᠫᠠᠨᠢ ᠶᠢ ᠵᠠᠯᠠᠵᠣ ᠲᠣᠰ ᠢᠨᠵᠧᠨᠢᠸ᠋ᠷᠢᠩ ᠳᠤ ᠪᠦᠬᠦ ᠲᠠᠯ᠎ᠠ ᠶᠢᠨ | ᠲᠦᠰᠦᠪ ᠲᠦᠯᠦᠪᠯᠡᠭᠡ ᠬᠢᠯᠭᠡᠵᠦ᠂ ᠳᠡᠯᠡᠬᠡᠢ ᠶᠢᠨ ᠲᠦᠮᠦᠰᠦ ᠶᠢᠨ ᠬᠡᠷᠴᠢᠮᠡᠯ ᠤᠨ ᠵᠠᠭᠪᠣᠷ ᠦᠢᠯᠡᠳᠪᠦᠷᠢ ᠶᠢ | ᠪᠠᠶᠢᠭᠤᠯᠬᠤ ᠪᠠᠷ ᠬᠠᠷᠠᠯᠲᠠ ᠪᠤᠯᠭᠠᠵᠣ ᠪᠣᠢ᠃ | | ᠡᠷᠳᠡᠨᠢᠳᠦᠭᠦᠷᠡᠩ ᠰᠡᠭᠦᠳᠡᠷᠯᠡᠨ ᠮᠡᠳᠡᠭᠡᠯᠡᠪᠡ | | |