ᠥᠪᠦᠷ ᠮᠤᠩᠭᠤᠯ ᠤᠨ ᠯᠢᠩ ᡁᠢ ᠲᠦᠮᠦᠰᠦ ᠶᠢᠨ ᠰᠢᠨᠵᠢᠯᠡᠬᠦ ᠣᠬᠠᠭᠠᠨ ᠮᠡᠷᠭᠡᠵᠢᠯ ᠤᠨ ᠬᠤᠪᠢ ᠤᠷᠣᠭᠤᠯᠣᠭᠰᠠᠨ ᠬᠢᠵᠠᠭᠠᠷᠲᠣ ᠺᠤᠮᠫᠠᠨᠢ ᠶᠢᠨ ᠰᠢᠨ᠎ᠡ ᠪᠠᠷ ᠪᠠᠶᠢᠭᠤᠯᠣᠭᠰᠠᠨ ᠤᠳᠤᠬᠢᠴᠢᠯᠠᠭᠰᠠᠨ ᠡᠳ᠋ᠰᠢᠭᠦᠯᠬᠦ ᠦᠢᠯᠡᠳᠪᠦᠷᠢ
ᠨᠡᠶᠢᠲᠡᠯᠡᠭᠰᠡᠨ ᠴᠠᠭ᠄
2017/10/9
     9 ᠰᠠᠷ᠎ᠠ ᠶᠢᠨ 25 ᠤ ᠡᠳᠦᠷ᠂ ᠥᠪᠦᠷ ᠮᠤᠩᠭᠤᠯ ᠤᠨ ᠯᠢᠩ ᡁᠢ ᠲᠦᠮᠦᠰᠦ ᠶᠢᠨ ᠰᠢᠨᠵᠢᠯᠡᠬᠦ ᠣᠬᠠᠭᠠᠨ ᠮᠡᠷᠭᠡᠵᠢᠯ ᠤᠨ ᠬᠤᠪᠢ ᠤᠷᠣᠭᠤᠯᠣᠭᠰᠠᠨ ᠬᠢᠵᠠᠭᠠᠷᠲᠣ ᠺᠤᠮᠫᠠᠨᠢ ᠶᠢᠨ ᠰᠢᠨ᠎ᠡ ᠪᠠᠷ ᠪᠠᠶᠢᠭᠤᠯᠣᠭᠰᠠᠨ ᠤᠳᠤᠬᠢᠴᠢᠯᠠᠭᠰᠠᠨ ᠡᠳ᠋ᠰᠢᠭᠦᠯᠬᠦ ᠦᠢᠯᠡᠳᠪᠦᠷᠢ ᠨᠢ ᠬᠤᠷᠢᠶᠠᠭᠰᠠᠨ ᠲᠦᠮᠦᠰᠦ ᠪᠠᠨ ᠬᠦᠮᠦᠷᠬᠡᠯᠡᠨ᠎ᠡ᠃  
      ᠥᠪᠥᠷ ᠮᠤᠩᠭᠤᠯ ᠤᠨ ᠯᠢᠩ ᡁᠢ ᠲᠦᠮᠦᠰᠦ ᠶᠢᠨ ᠬᠡᠷᠴᠢᠮᠡᠯ ᠢ ᠡᠳ᠋ᠰᠢᠭᠦᠯᠦᠨ ᠬᠦᠯᠳᠡᠭᠡᠬᠦ ᠢᠨᠵᠧᠨᠢᠸ᠋ᠷᠢᠩ ᠪᠣᠯ ᠯᠢᠩ ᡁᠢ ᠬᠤᠪᠢ ᠤᠷᠦᠭᠤᠯᠣᠭᠰᠠᠨ ᠬᠢᠵᠠᠭᠠᠷᠲᠣ ᠺᠤᠮᠫᠠᠨᠢ ᠪᠤᠯᠣᠨ ᠪᠦᠬᠦ ᠳᠡᠯᠡᠬᠡᠢ ᠶᠢᠨ ᠴᠢᠬᠤᠯᠠ ᠲᠦᠮᠦᠰᠦ ᠶᠢᠨ ᠢᠳᠡᠭᠡᠨ ᠤ ᠬᠠᠩᠭᠠᠭᠴᠢ — ᠬᠤᠯᠠᠨᠳ᠋ ᠤᠨ  ᠹᠷᠠᠮᠹᠷᠦ᠋ᠢ ᠺᠤᠮᠫᠠᠨᠢ ᠬᠠᠮᠳᠤᠪᠡᠷ  ᠪᠠᠶᠢᠭᠤᠯᠣᠭᠰᠠᠨ ᠲᠦᠮᠦᠰᠦ ᠶᠢᠨ ᠬᠡᠷᠴᠢᠮᠡᠯ ᠢ ᠡᠳ᠋ᠰᠢᠭᠦᠯᠦᠨ ᠬᠦᠯᠳᠡᠭᠡᠬᠦ ᠢᠨᠵᠧᠨᠢᠸ᠋ᠷᠢᠩ ᠪᠣᠯᠣᠨ᠎ᠠ᠃  
     ᠲᠤᠰ ᠢᠨᠵᠧᠨᠢᠸ᠋ᠷᠢᠩ ᠨᠢ ᠨᠡᠶᠢᠲᠡ 106000 ᠲᠦᠮᠡᠨ ᠲᠦᠭᠦᠷᠢᠭ ᠠ ᠪᠡᠯᠡ ᠣᠷᠣᠭᠤᠯᠵᠣ᠂ ᠰᠢᠨ᠎ᠡ ᠪᠠᠷ ᠪᠠᠶᠢᠭᠤᠯᠣᠭᠰᠠᠨ ᠤᠳᠤᠬᠢᠴᠢᠯᠠᠭᠰᠠᠨ ᠡᠳ᠋ᠰᠢᠭᠦᠯᠬᠦ ᠦᠢᠯᠡᠳᠪᠦᠷᠢ ᠲᠠᠢ᠂ ᠳᠡᠯᠡᠬᠡᠢ ᠶᠢᠨ ᠲᠦᠮᠦᠰᠦ ᠶᠢᠨ ᠬᠡᠷᠴᠢᠮᠡᠯ ᠢ ᠡᠳ᠋ᠰᠢᠭᠦᠯᠬᠦ ᠬᠠᠮᠤᠭ ᠳᠠᠪᠰᠢᠩᠭᠤᠢ ᠮᠡᠷᠭᠡᠵᠢᠯ ᠲᠠᠢ᠂ ᠵᠢᠯ ᠳᠤ  7 ᠲᠦᠮᠡᠨ ᠲᠣᠨ ᠲᠦᠮᠦᠰᠦ ᠶᠢᠨ ᠬᠡᠷᠴᠢᠮᠡᠯ ᠢ ᠡᠳ᠋ᠰᠢᠭᠦᠯᠦᠨ ᠬᠦᠯᠳᠡᠭᠡᠵᠣ᠂ 14 ᠲᠦᠮᠡᠨ ᠲᠣᠨ ᠲᠦᠮᠦᠰᠦ ᠡᠳ᠋ᠰᠢᠭᠦᠯᠵᠦ᠂ 300 ᠭᠠᠷᠣᠢ ᠬᠦᠮᠦᠨ ᠳᠤ ᠠᠵᠢᠯ ᠤᠯᠭᠤᠬᠤ ᠶᠢᠨ ᠬᠠᠮᠲᠣ ᠳᠡᠯᠡᠬᠡᠢ ᠶᠢᠨ ᠨᠡᠷᠡᠲᠦ ᠺᠣᠮᠫᠠᠨᠢ ᠶᠢ ᠵᠠᠯᠠᠵᠣ ᠲᠣᠰ ᠢᠨᠵᠧᠨᠢᠸ᠋ᠷᠢᠩ ᠳᠤ ᠪᠦᠬᠦ ᠲᠠᠯ᠎ᠠ ᠶᠢᠨ ᠲᠦᠰᠦᠪ ᠲᠦᠯᠦᠪᠯᠡᠭᠡ ᠬᠢᠯᠭᠡᠵᠦ᠂ ᠳᠡᠯᠡᠬᠡᠢ ᠶᠢᠨ ᠲᠦᠮᠦᠰᠦ ᠶᠢᠨ ᠬᠡᠷᠴᠢᠮᠡᠯ ᠤᠨ ᠵᠠᠭᠪᠣᠷ ᠦᠢᠯᠡᠳᠪᠦᠷᠢ ᠶᠢ ᠪᠠᠶᠢᠭᠤᠯᠬᠤ ᠪᠠᠷ ᠬᠠᠷᠠᠯᠲᠠ ᠪᠤᠯᠭᠠᠵᠣ ᠪᠣᠢ᠃                                            ᠡᠷᠳᠡᠨᠢᠳᠦᠭᠦᠷᠡᠩ ᠰᠡᠭᠦᠳᠡᠷᠯᠡᠨ ᠮᠡᠳᠡᠭᠡᠯᠡᠪᠡ
 
ᠢᠷᠡᠯᠲᠡ᠄ ᠣᠯᠠᠭᠠᠨ ᠬᠠᠳᠠ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号