ᠬᠦᠯᠳᠡᠭᠡᠭᠰᠡᠨ ᠬᠦᠨᠡᠰᠦᠨ ᠤ ᠬᠠᠳᠠᠭᠠᠯᠠᠬᠤ ᠬᠤᠭᠤᠴᠠᠭ᠎ᠠ ᠶᠢ ᠠᠩᠬᠠᠷᠪᠠᠯ ᠵᠣᠬᠢᠨ᠎ᠠ
ᠨᠡᠶᠢᠲᠡᠯᠡᠭᠰᠡᠨ ᠴᠠᠭ᠄
2017-11-15
     ᠬᠦᠨᠡᠰᠦᠨ ᠤ ᠴᠢᠨᠠᠷ ᠬᠤᠪᠢᠷᠠᠬᠤ ᠠᠴᠠ ᠰᠡᠷᠬᠡᠶᠢᠯᠡᠵᠤ ᠬᠦᠯᠳᠡᠭᠡᠭᠦᠷ ᠲᠤ ᠲᠠᠯᠪᠢᠪᠠᠯ ᠲᠦᠮᠡᠨ ᠬᠡᠷᠡᠭ ᠲᠡᠭᠦᠰ ᠪᠦᠲᠦᠴᠢᠬᠡᠨ᠎ᠡ ᠬᠡᠵᠤ ᠤᠤ︖ ᠠᠩᠭ᠍ᠯᠢ ᠶᠢᠨ ᠠᠶᠢᠯ ᠡᠷᠦᠬᠡ ᠶᠢᠨ ᠠᠵᠤ ᠵᠦᠢ ᠶᠢᠨ ᠨᠡᠶᠢᠬᠡᠮᠯᠢᠭ ᠠᠯᠪᠠᠨ ᠤ ᠨᠧᠲ ᠲᠤ ᠪᠠᠨ᠂ ᠬᠦᠨᠡᠰᠦ ᠶᠢ ᠬᠦᠯᠳᠡᠭᠡᠭᠰᠡᠨ ᠴᠤ ᠪᠠᠰᠠ ᠬᠠᠳᠠᠭᠠᠯᠠᠬᠤ ᠬᠤᠭᠤᠴᠠᠭ᠎ᠠ ᠲᠠᠢ᠂ ᠠᠳᠠᠯᠢ ᠪᠤᠰᠤ ᠬᠦᠨᠡᠰᠦᠨ ᠤ ᠬᠠᠳᠠᠭᠠᠯᠠᠵᠤ ᠪᠤᠯᠬᠤ ᠬᠤᠭᠤᠴᠠᠭ᠎ᠠ ᠨᠢ ᠠᠳᠠᠯᠢ ᠦᠭᠡᠢ ᠪᠦᠬᠡᠳ ᠬᠦᠮᠦᠰ ᠤᠨ ᠪᠤᠳᠤᠭᠰᠠᠨ ᠰᠢᠬ ᠤᠷᠲᠤ ᠬᠤᠭᠤᠴᠠᠭ᠎ᠠ ᠬᠠᠳᠠᠭᠠᠯᠠᠵᠤ ᠪᠤᠯᠳᠠᠭ ᠦᠬᠡᠢ ᠬᠡᠵᠤ ᠢᠯᠡᠷᠬᠡᠶᠢᠯᠡᠭᠰᠡᠨ ᠪᠠᠶᠢᠨ᠎ᠠ᠃     ᠠᠶᠢᠯ ᠡᠷᠦᠬᠡ ᠶᠢᠨ ᠠᠵᠤ ᠵᠦᠢ ᠶᠢᠨ ᠨᠡᠶᠢᠬᠡᠮᠯᠢᠭ ᠤᠨ ᠬᠢᠨ ᠤ ᠬᠡᠯᠡᠬᠦ ᠪᠠᠷ᠂ ᠲᠠᠬᠢᠶ᠎ᠠ᠂ ᠨᠤᠭᠤᠰᠤ᠂ ᠦᠬᠡᠷ᠂ ᠬᠤᠨᠢ᠂ ᠭᠠᠭ᠋ᠠᠢ ᠶᠢᠨ ᠮᠢᠬᠠᠨ ᠤ ᠬᠦᠯᠳᠡᠭᠡᠵᠤ ᠬᠠᠳᠠᠭᠠᠯᠠᠬᠤ ᠬᠤᠭᠤᠴᠠᠭ᠎ᠠ ᠶᠢ ᠬᠠᠮᠤᠭ ᠤᠨ ᠰᠠᠶᠢᠨ ᠨᠢ 6 ᠰᠠᠷ᠎ᠠ ᠠᠴᠠ ᠬᠡᠲᠤᠷᠡᠭᠦᠯᠬᠦ ᠦᠬᠡᠢ᠂ ᠳᠠᠪᠤᠰᠤᠯᠠᠬᠰᠠᠨ ᠮᠢᠬᠠᠨ ᠤ ᠵᠦᠢᠯ ᠤᠨ ᠬᠠᠳᠠᠭᠠᠯᠠᠬᠤ ᠬᠤᠭᠤᠴᠠᠭ᠎ᠠ ᠶᠢ ᠬᠠᠮᠤᠭ ᠤᠨ ᠰᠠᠶᠢᠨ ᠨᠢ 3 ᠰᠠᠷ᠎ᠠ ᠠᠴᠠ ᠬᠡᠲᠤᠷᠡᠭᠦᠯᠬᠦ ᠦᠬᠡᠢ︔ ᠵᠢᠭᠠᠰᠤᠨ ᠤ ᠲᠦᠷᠦᠯ ᠳᠤ᠂ ᠥᠬᠡᠬᠦ ᠶᠡᠬᠡᠳᠡᠢ ᠵᠢᠭᠠᠰᠤ ᠪᠠ ᠵᠢᠭᠠᠰᠤᠨ ᠤ ᠮᠢᠬ᠎ᠠ ᠶᠢᠨ ᠬᠦ᠋ᠯᠳᠡᠭᠡᠬᠦ ᠬᠤᠭᠤᠴᠠᠭ᠎ᠠ ᠶᠢ 4 ᠰᠠᠷ᠎ᠠ ᠠᠴᠠ ᠬᠡᠳᠤᠷᠠᠬᠦᠯᠬᠦ ᠦᠬᠡᠢ︔ ᠴᠠᠭᠠᠨ ᠲᠤᠯᠤ ᠵᠢᠭᠠᠰᠤ ᠶᠢ ᠬᠦᠯᠳᠡᠭᠡᠬᠦ ᠬᠤᠭᠤᠴᠠᠭ᠎ᠠ ᠶᠢ 8 ᠰᠠᠷ᠎ᠠ ᠠᠴᠠ ᠬᠡᠳᠤᠷᠠᠬᠦᠯᠬᠦ ᠦᠬᠡᠢ ᠪᠠᠶᠢᠬᠤ︔ ᠪᠤᠴᠠᠯᠤᠭᠰᠠᠨ ᠤᠰᠤ ᠪᠠᠷ ᠪᠤᠷᠤᠯᠠᠭᠤᠯᠤᠭᠰᠠᠨ ᠬᠦᠨᠡᠰᠦᠨ ᠤ ᠨᠤᠭᠤᠭ᠎ᠠ ᠶᠢ 10 -12 ᠰᠠᠷ᠎ᠠ ᠬᠦᠯᠳᠡᠭᠡᠵᠤ ᠪᠤᠯᠤᠨ᠎ᠠ᠂ ᠪᠤᠷᠤᠯᠠᠭᠤᠯᠤᠭᠰᠠᠨ ᠦᠬᠡᠢ ᠬᠦᠨᠡᠰᠦᠨ ᠤ ᠨᠤᠭᠤᠭ᠎ᠠ ᠶᠢ ᠵᠦᠪᠬᠡᠨ 3- 4 ᠰᠠᠷ᠎ᠠ ᠬᠦᠯᠳᠡᠭᠡᠵᠤ ᠪᠤᠯᠤᠨ᠎ᠠ᠃ ᠡᠬᠦᠨ ᠳᠤ ᠂ ᠲᠦᠪᠡᠳ ᠬᠠᠰᠢ ᠶᠢ 8 ᠰᠠᠷ᠎ᠠ ᠬᠦᠯᠳᠡᠭᠡᠵᠤ ᠪᠤᠯᠤᠨ᠎ᠠ ᠭᠡᠨ᠎ᠠ᠃     ᠠᠶᠢᠯ ᠡᠷᠦᠬᠡ ᠶᠢᠨ ᠠᠵᠤ ᠵᠦᠢ ᠶᠢᠨ ᠨᠡᠶᠢᠬᠡᠮᠯᠢᠭ ᠤᠨ ᠬᠢᠨ᠂ ᠪᠦᠷᠢᠯᠬᠡᠨ ᠰᠦᠢᠳᠬᠡᠬᠦ ᠶᠢ ᠪᠠᠭᠠᠰᠬᠠᠬᠤ ᠶᠢᠨ ᠲᠤᠰᠠᠲᠠ᠂ ᠬᠦᠨᠡᠰᠦ ᠪᠠᠨ ᠬᠦᠯᠳᠡᠭᠡᠬᠦᠷ ᠲᠤ ᠬᠢᠵᠤ ᠬᠠᠳᠠᠭᠠᠯᠠᠬᠤ ᠠᠴᠠ ᠡᠮᠦᠨ᠎ᠠ ᠳᠡᠮᠳᠡᠭ ᠨᠠᠭᠠᠵᠤ᠂ ᠬᠠᠳᠠᠭᠠᠯᠠᠬᠰᠠᠨ ᠬᠤᠭᠤᠴᠠᠭ᠎ᠠ ᠪᠠ ᠡᠳ᠋ᠯᠡᠬᠦ ᠬᠤᠭᠤᠴᠠᠭ᠎ᠠ ᠪᠠᠨ ᠳᠤᠳᠤᠷᠬᠠᠶᠢᠯᠠᠪᠠᠯ ᠬᠠᠮᠤᠭ ᠤᠨ ᠰᠠᠶᠢᠨ ᠬᠡᠵᠤ ᠰᠠᠨᠠᠭᠤᠯᠪᠡ᠃
 
ᠢᠷᠡᠯᠲᠡ᠄ ᠰᠢᠨᠬᠤᠸᠠ ᠬᠤᠷᠢᠶ᠎ᠠ 
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号