ᠰᠠᠷᠢᠮᠰᠠᠭ ᠴᠢᠰᠤᠨ ᠳᠠᠷᠤᠯᠲᠠ ᠶᠢ ᠪᠠᠭᠤᠷᠠᠭᠤᠯᠳᠠᠭ
ᠨᠡᠶᠢᠲᠡᠯᠡᠭᠰᠡᠨ ᠴᠠᠭ᠄
2017/2/24
     ᠠᠦ᠋ᠰᠲᠷᠯᠢᠶ᠎ᠠ ᠶᠢᠨ ᠰᠣᠳᠤᠯᠭᠠᠲᠠᠳ ᠤᠨ ᠢᠯᠡᠷᠡᠭᠦᠯᠦᠭᠰᠡᠨ ᠢᠶᠠᠷ᠂ ᠰᠠᠷᠢᠮᠰᠠᠭ ᠤᠨ ᠴᠢᠰᠤᠨ ᠳᠠᠷᠤᠯᠲᠠ ᠶᠢ ᠪᠠᠭᠤᠷᠠᠭᠤᠯᠬᠤ ᠤᠶᠢᠯᠡᠳᠤᠯ ᠨᠢ ᠴᠢᠰᠤᠨ ᠳᠠᠷᠤᠯᠲᠠ ᠪᠠᠭᠤᠷᠠᠭᠤᠯᠬᠤ ᠡᠮ ᠠᠴᠠ ᠳᠤᠲᠠᠭᠤ ᠦᠭᠡᠢ ᠤᠶᠢᠯᠡᠳᠤᠯ ᠲᠠᠢ᠃ ᠲᠣᠷᠰᠢᠯᠲᠠ ᠳᠤᠮᠳᠠ ᠰᠣᠳᠤᠯᠭᠠᠲᠠᠳ ᠴᠢᠰᠤᠨ ᠳᠠᠷᠤᠯᠲᠠ ᠦᠨᠳᠤᠷ ᠬᠤᠶᠠᠷ ᠳᠣᠭᠤᠶᠢᠯᠠᠩ ᠰᠠᠶᠢᠨ ᠳᠤᠷᠠᠴᠤᠣᠯ ᠢ ᠰᠤᠩᠭᠤᠵᠤ᠂ ᠨᠢᠭᠡ ᠳᠣᠭᠤᠶᠢᠯᠠᠩ ᠤᠨ ᠬᠢᠨ ᠳᠤ 3-6 ᠰᠠᠷ᠎ᠠ ᠳᠣᠲᠤᠷ᠎ᠠ ᠡᠳᠦᠷ ᠪᠦᠷᠢ 600-900 ᠮᠢᠯᠢᠭᠷᠡᠮ ᠤᠨ ︽ᠰᠠᠷᠢᠮᠰᠠᠭ ᠤᠨ ᠡᠳ᠋︾ ᠠᠭᠤᠯᠬᠤ ᠰᠢᠮ᠎ᠡ ᠲᠡᠵᠢᠭᠡᠯᠲᠤ ᠡᠳ᠋ ᠤᠤᠭᠤᠯᠭᠠᠨ᠂ ᠬᠠᠷᠢᠴᠠᠭᠤᠯᠬᠤ ᠳᠣᠭᠤᠶᠢᠯᠠᠩ ᠤᠨ ᠬᠢᠨ ᠳᠤ ᠲᠠᠶᠢᠳᠬᠤᠷᠠᠭᠤᠯᠬᠤ ᠡᠳ᠋ ᠤᠤᠭᠤᠯᠭᠠᠪᠠ᠃ ᠡᠭᠦᠨ ᠳᠤ᠂ ︽ᠰᠠᠷᠢᠮᠰᠠᠭ ᠤᠨ ᠡᠳ᠋︾ ᠤᠨ ᠨᠦᠬᠦᠪᠦᠷᠢᠯᠡᠬᠦ ᠡᠳ᠋ ᠤᠤᠭᠤᠭᠰᠠᠳ ᠤᠨ ᠴᠢᠰᠤᠨ ᠳᠠᠷᠤᠯᠲᠠ ᠶᠢᠨ ᠦᠨᠳᠤᠷ ᠨᠢ ᠲᠡᠭᠰᠢᠳᠭᠡᠭᠡᠳ 8.4 ᠮᠢᠯᠢᠮᠧᠲᠷ ᠮᠦᠩᠭᠦᠨ ᠤᠰᠤᠨ ᠪᠠᠭᠠᠨ᠎ᠠ ᠪᠠᠭᠤᠷᠠᠵᠤ᠂ ᠳᠣᠣᠷ᠎ᠠ ᠳᠠᠷᠤᠯᠲᠠ ᠨᠢ ᠳᠤᠮᠳᠠᠴᠢ ᠪᠠᠷ 7.3 ᠮᠢᠯᠢᠮᠧᠲᠷ ᠮᠦᠩᠭᠦᠨ ᠤᠰᠤᠨ ᠪᠠᠭᠠᠨ᠎ᠠ ᠪᠠᠭᠤᠷᠠᠪᠠ᠃ ᠴᠢᠰᠤᠨ ᠳᠠᠷᠤᠯᠲᠠ ᠬᠡᠳᠤᠢ ᠦᠨᠳᠤᠷ ᠪᠣᠯ ᠪᠠᠭᠤᠷᠠᠬᠤ ᠬᠡᠮᠵᠢᠶ᠎ᠡ ᠨᠢ ᠨᠡᠩ ᠶᠡᠭᠡ ᠪᠠᠶᠢᠪᠠ᠃ ᠲᠣᠷᠰᠢᠯᠲᠠ ᠳᠤᠮᠳᠠ ᠡᠳᠦᠷ ᠪᠦᠷᠢ ᠶᠢᠨ ᠰᠢᠩᠭᠡᠭᠡᠬᠦ ᠰᠠᠷᠢᠮᠰᠠᠭ ᠤᠨ ᠡᠳ᠋ ᠤᠨ ᠠᠭᠤᠯᠤᠭᠳᠠᠴᠠ ᠨᠢ 3.6-5.4 ᠮᠢᠯᠢᠭᠷᠡᠮ ᠪᠠᠶᠢᠵᠤ᠂ ᠨᠢᠭᠡᠯᠡ ᠰᠢᠳᠦ ᠰᠠᠷᠢᠮᠰᠠᠭ ᠲᠤ 5-9 ᠮᠢᠯᠢᠭᠷᠡᠮ ᠰᠠᠷᠢᠮᠰᠠᠭ ᠤᠨ ᠡᠳ᠋ ᠠᠭᠤᠯᠤᠭᠳᠠᠳᠠᠭ ᠪᠠᠶᠢᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号