ᠰᠢᠷ᠎ᠠ ᠲᠣᠰᠤᠨ ᠤ ᠡᠮᠴᠢᠯᠡᠭᠡᠨ ᠤ ᠷᠢᠳᠢ ᠰᠢᠳᠢ ᠶᠢ ᠣᠶᠢᠯᠠᠭᠠᠬᠤᠢ
ᠨᠡᠶᠢᠲᠡᠯᠡᠭᠰᠡᠨ ᠴᠠᠭ᠄
2017/3/14
      ᠮᠣᠩᠭᠤᠯ ᠡᠮᠨᠡᠯᠭᠡ ᠳᠤ ᠰᠢᠷ᠎ᠠ ᠲᠣᠰᠤ  ᠶᠢ ︽ᠢᠳᠡᠭᠡᠨ ᠤ ᠳᠡᠭᠡᠳᠤ ᠣᠬᠢ ᠮᠠᠩᠯᠠᠢ︾ ᠭᠡᠵᠦ ᠦᠵᠡᠳᠡᠭ᠃ ᠰᠣᠳᠤᠷ ᠲᠤ ︽ᠰᠢᠷ᠎ᠠ ᠲᠣᠰᠤ ᠶᠢ ᠲᠣᠭᠲᠠᠮᠠᠯ ᠢᠳᠡᠪᠡᠯ ᠵᠢᠷᠤᠬᠡᠨ ᠤ ᠲᠠᠮᠢᠷ ᠢ ᠰᠠᠶᠢᠵᠢᠷᠠᠭᠤᠯᠤᠨ᠂ ᠠᠭᠤᠰᠬᠢᠨ ᠤ ᠬᠠᠳᠠᠩᠬᠢᠷ ᠢ ᠠᠷᠢᠯᠭᠠᠵᠤ᠂ ᠦᠰᠤ ᠭᠡᠵᠢᠭᠡ ᠶᠢ ᠰᠢᠮᠡᠵᠢᠭᠦᠯᠦᠭᠡᠳ ᠴᠢᠷᠠᠢ ᠳᠤ ᠦᠩᠭᠡ ᠨᠡᠮᠡᠭᠳᠡᠭᠦᠯᠵᠦ᠂ ᠨᠢᠳᠤᠨ ᠤ ᠬᠠᠷᠠᠭ᠎ᠠ ᠶᠢ ᠰᠠᠶᠢᠵᠢᠷᠠᠭᠤᠯᠤᠨ᠂ ᠬᠦᠢᠲᠡᠨ ᠳᠤ ᠦᠯᠴᠢᠷ᠂ ᠬᠠᠯᠠᠭᠤᠨ ᠳᠤ ᠠᠩᠭᠠᠭ᠎ᠠ ᠴᠠᠩᠭᠠᠭ᠎ᠠ ᠰᠠᠶᠢᠨ ᠲᠠᠭᠠᠭᠠᠳᠠᠭ ᠪᠣᠯᠭᠠᠭᠠᠳ ᠨᠠᠰᠤᠨ ᠬᠤᠳᠤᠭ ᠢ ᠤᠷᠳᠤᠳᠬᠠᠳᠠᠭ︾ ᠭᠡᠵᠦ ᠲᠡᠮᠳᠡᠭᠯᠡᠵᠡᠢ᠃     ᠰᠢᠷ᠎ᠠ ᠲᠣᠰᠤᠨ ᠳᠤ ᠸᠢᠲ᠋ᠠᠮᠢᠨ A᠂ E ᠵᠡᠷᠭᠡ ᠰᠢᠮ᠎ᠡ ᠲᠡᠵᠢᠭᠡᠯ ᠠᠴᠠ ᠭᠠᠳᠠᠨ᠎ᠠ ᠢᠰᠦᠯᠳᠦᠭᠦᠯᠦᠭᠴᠢ ᠶᠢ ᠡᠰᠡᠷᠭᠦᠴᠡᠭᠴᠢ ᠮᠠᠰᠢ ᠪᠠᠶᠠᠯᠢᠭ ᠠᠭᠤᠯᠵᠤ ᠪᠣᠢ᠃ 10 ᠭᠷᠡᠮ ᠰᠢᠷ᠎ᠠ ᠲᠣᠰᠤ ᠬᠡᠥᠭᠡᠳ ᠤᠨ ᠨᠢᠭᠡ ᠡᠳᠦᠷ ᠤᠨ ᠬᠡᠷᠡᠭᠰᠡᠬᠦ ᠸᠢᠲ᠋ᠠᠮᠢᠨ A  ᠶᠢᠨ 15% ᠢ ᠬᠠᠩᠭᠠᠵᠤ ᠴᠢᠳᠠᠨ᠎ᠠ᠃ ᠪᠠᠰᠠ ᠸᠢᠲ᠋ᠠᠮᠢᠨ D ᠪᠦᠷᠢᠯᠳᠦᠬᠦ ᠶᠢᠨ ᠡᠬᠢ ᠪᠣᠯᠠᠭ ᠪᠠᠶᠢᠵᠤ᠂ ᠸᠢᠲ᠋ᠠᠮᠢᠨ D ᠨᠢ ᠶᠠᠰᠤᠨ ᠤ ᠺᠠᠯᠼ ᠰᠢᠮᠡᠳᠭᠡᠬᠦ ᠶᠢ ᠬᠠᠪᠰᠤᠷᠳᠠᠭ᠃ ᠢᠰᠦᠯᠳᠦᠭᠦᠯᠦᠭᠴᠢ ᠶᠢ ᠡᠰᠡᠷᠭᠦᠴᠡᠭᠴᠢ ᠨᠢ ᠴᠢᠯᠦᠭᠡᠲᠦ ᠪᠦᠯᠦᠭ ᠲᠠᠢ ᠲᠡᠮᠡᠴᠡᠵᠦ᠂ ᠵᠢᠷᠤᠬᠡᠨ ᠰᠤᠳᠠᠰᠤ᠂ ᠦᠯᠦ ᠬᠠᠯᠳᠠᠭᠠᠬᠤ ᠰᠢᠰᠲ᠋ᠧᠮ ᠳᠤ ᠰᠠᠶᠢᠨ ᠢᠶᠠᠷ ᠨᠦᠯᠦᠭᠡᠯᠡᠳᠡᠭ ᠪᠠᠶᠢᠨ᠎ᠠ᠃ ᠮᠦᠨ ᠬᠡᠢ ᠶᠢ ᠳᠠᠷᠤᠵᠤ ᠲᠠᠮᠢᠷ ᠢ ᠰᠠᠶᠢᠵᠢᠷᠠᠭᠤᠯᠬᠤ᠂ ᠠᠷᠠᠰᠤᠨ ᠤ ᠨᠦᠭᠦᠨ ᠲᠦᠯᠵᠢᠯᠲᠡ ᠶᠢ ᠲᠦᠷᠭᠡᠳᠭᠡᠳᠡᠭ ᠵᠡᠷᠭᠡ ᠣᠯᠠᠨ ᠵᠤᠶᠢᠯ ᠤᠨ ᠤᠶᠢᠯᠡᠳᠤᠯ ᠲᠠᠢ᠃     ᠰᠢᠷ᠎ᠠ ᠲᠣᠰᠤ ᠶᠢ ᠪᠠᠰᠠ ᠡᠮ ᠲᠠᠢ ᠴᠤᠭ ᠬᠡᠷᠡᠭᠯᠡᠳᠡᠭ᠃ ᠰᠢᠷ᠎ᠠ ᠲᠣᠰᠤ ᠶᠢ ᠢᠯᠢᠵᠤ ᠨᠤᠬᠤᠯᠠᠬᠤ ᠵᠠᠰᠠᠯ ᠳᠤ ᠶᠡᠷᠤᠳᠡᠭᠡᠨ ᠬᠡᠷᠡᠭᠯᠡᠭᠰᠡᠭᠡᠷ ᠢᠷᠡᠭᠰᠡᠨ ᠶᠤᠮ᠃ ᠵᠢᠱᠢᠶᠡᠯᠡᠪᠡᠯ᠂ ᠡᠮᠡᠭᠲᠡᠢ ᠶᠢᠨ ᠰᠠᠪᠠᠨ ᠤ ᠬᠡᠢ᠂ ᠪᠦᠭᠡᠷ᠎ᠡ ᠨᠢᠷᠤᠭᠤᠨ ᠤ ᠬᠡᠢ᠂ ᠦᠶ᠎ᠡ ᠭᠡᠰᠢᠭᠦᠨ ᠤ ᠰᠢᠷ᠎ᠠ ᠤᠰᠤᠨ ᠤ ᠡᠪᠡᠳᠴᠢᠨ᠂ ᠲᠣᠯᠤᠭᠠᠢ ᠶᠢᠨ ᠬᠡᠢ᠂ ᠣᠯᠤᠭᠠᠢ ᠶᠢᠨ ᠬᠡᠢ ᠳᠤ ᠰᠢᠷ᠎ᠠ ᠲᠣᠰᠤ ᠲᠦᠷᠬᠢᠵᠤ ᠢᠯᠢᠵᠤ ᠨᠤᠬᠤᠯᠳᠠᠭ᠃ ᠮᠦᠨ ᠣᠨ ᠤᠳᠠᠭᠰᠠᠨ ᠰᠢᠷ᠎ᠠ ᠲᠣᠰᠤ ᠶᠢ ᠦᠬᠡᠷ ᠢᠯᠢᠳᠤ ᠵᠡᠷᠭᠡ ᠠᠷᠠᠰᠤ ᠮᠢᠬᠠᠨ ᠤ ᠡᠯᠳᠡᠪ ᠡᠪᠡᠳᠴᠢᠨ᠂ ᠶᠠᠷ᠎ᠠ ᠰᠢᠷᠬᠠᠨ ᠳᠤ ᠲᠦᠷᠬᠢᠳᠡᠭ᠃ ᠨᠢᠯᠬ᠎ᠠ ᠬᠡᠥᠭᠡᠳ ᠤᠨ ᠵᠤᠯᠠᠢ ᠳᠡᠭᠡᠷ᠎ᠡ ᠲᠦᠷᠬᠢᠬᠦ ᠨᠢ ᠬᠠᠭ ᠤᠨᠠᠬᠤ᠂ ᠬᠠᠮᠠᠷ ᠪᠢᠲᠡᠭᠦᠷᠡᠨ ᠪᠦᠭᠯᠡᠷᠡᠬᠦ ᠳᠤ ᠲᠤᠰᠠᠲᠠᠢ᠂ ᠬᠠᠮᠠᠷ ᠶᠠᠷᠰᠢᠬᠤ᠂ ᠤᠷᠤᠭᠤᠯ ᠦᠷᠦᠮᠳᠡᠬᠦ᠂ ᠬᠠᠯᠠᠭᠠᠭᠰᠠᠨ ᠰᠢᠷᠬᠠᠨ ᠳᠤ ᠰᠢᠷ᠎ᠠ ᠲᠣᠰᠤ ᠲᠦᠷᠬᠢᠪᠡᠯ ᠢᠯᠡᠷᠢ ᠪᠣᠯᠳᠠᠭ᠃                                                   ᠵᠤᠯᠠ
 
ᠢᠷᠡᠯᠲᠡ᠄ ᠠᠯᠲᠠᠨ ᠬᠦᠷᠲᠤ ᠲᠠᠪᠴᠠᠩ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号