ᠴᠠᠢ
ᠨᠡᠶᠢᠲᠡᠯᠡᠭᠰᠡᠨ ᠴᠠᠭ᠄
2017/3/28
    ᠴᠠᠢ ᠪᠣᠯ ᠮᠣᠩᠭᠤᠯ ᠬᠦᠮᠦᠨ ᠤ ᠡᠳᠦᠷ ᠳᠣᠲᠤᠮ ᠤᠨ ᠠᠮᠢᠳᠤᠷᠠᠯ ᠳᠤᠮᠳᠠ ᠳᠤᠲᠠᠭᠳᠠᠵᠤ ᠪᠣᠯᠤᠰᠢ ᠦᠭᠡᠢ ᠢᠳᠡᠭᠡᠨ ᠤᠮᠳᠠᠭᠠᠨ ᠪᠣᠯᠤᠭᠰᠠᠭᠠᠷ ᠡᠨᠡ ᠡᠳᠦᠷ ᠲᠤ ᠬᠦᠷᠳᠡᠯ᠎ᠡ ᠤᠯᠠᠮᠵᠢᠯᠠᠭᠳᠠᠨ ᠢᠷᠡᠵᠡᠢ᠃ ᠮᠣᠩᠭᠤᠯᠴᠤᠳ ᠡᠳᠦᠷ ᠤᠨ ᠭᠤᠷᠪᠠᠨ ᠡᠷᠡᠨ ᠳᠤ ᠴᠠᠢ ᠤᠤᠭᠤᠳᠠᠭ ᠵᠠᠩᠰᠢᠯ ᠲᠠᠢ᠃ ᠦᠷᠯᠦᠭᠡ ᠡᠷᠲᠡ ᠭᠠᠯ ᠲᠤᠯᠭ᠎ᠠ ᠨᠡᠶᠢᠯᠡᠪᠡᠯ ᠵᠠᠪᠠᠯ ᠰᠦ ᠲᠠᠢ ᠴᠠᠢ ᠪᠠᠨ ᠴᠢᠨᠠᠵᠤ᠂ ᠳᠡᠭᠡᠵᠢ ᠶᠢ ᠨᠢ ᠲᠡᠭᠷᠢ ᠭᠠᠵᠠᠷ᠂ ᠠᠭᠤᠯᠠ ᠤᠰᠤ ᠳᠠᠭᠠᠨ ᠡᠷᠭᠦᠭᠡᠳ ᠰᠠᠶ᠋ᠢ ᠴᠠᠢ ᠪᠠᠨ ᠤᠤᠭᠤᠳᠠᠭ᠃ ᠪᠠᠭ᠎ᠠ ᠦᠳᠡ ᠶᠢᠨ ᠦᠶ᠎ᠡ ᠪᠠᠷ ᠠᠵᠢᠯ ᠢᠶᠠᠨ ᠬᠢᠵᠤ ᠶᠠᠳᠠᠷᠠᠪᠠᠯ ᠪᠣᠳᠠᠭ᠎ᠠ ᠣᠷᠬᠢᠭᠰᠠᠨ ᠴᠠᠢ ︵ᠣᠶᠢᠭ᠍ᠰᠡᠨ ᠴᠠᠢ︶ ᠤᠤᠭᠤᠳᠠᠭ᠃ ᠡᠨᠡ ᠴᠠᠢ ᠳᠠᠭᠠᠨ ᠭᠤᠣᠯᠳᠠᠭᠤ ᠴᠠᠭᠠᠨ ᠢᠳᠡᠭᠡᠨ ᠢᠶᠠᠨ ᠬᠢᠵᠤ ᠤᠤᠭᠤᠳᠠᠭ᠃ ᠡᠪᠤᠯ ᠤᠨ ᠤᠯᠠᠷᠢᠯ ᠳᠤ ᠢᠳᠡᠰᠢ ᠤᠤᠭᠤᠰᠢ ᠪᠠᠨ ᠢᠳᠡᠭᠰᠡᠨ ᠪᠣᠯ ᠮᠢᠬ᠎ᠠ ᠲᠠᠢ ᠴᠠᠭ ᠤᠤᠭᠤᠳᠠᠭ᠃ ᠮᠣᠩᠭᠤᠯ ᠠᠶᠢᠯ ᠶᠡᠷᠦ ᠳᠡᠭᠡᠨ ᠵᠤᠨ ᠤ ᠴᠠᠭ ᠲᠤ ᠡᠳᠦᠷ ᠢᠶᠠᠷ  ᠪᠣᠯ ᠴᠠᠢ ᠪᠠᠷ ᠭᠤᠣᠯ ᠪᠣᠯᠭᠠᠵᠤ᠂ ᠣᠷᠤᠢ ᠳᠠᠭᠠᠨ ᠬᠤᠭᠤᠯᠠ ᠢᠳᠡᠳᠡᠭ ᠵᠠᠩᠰᠢᠯ ᠲᠠᠢ᠃ ᠦᠳᠡ ᠳᠤ ᠬᠤᠭᠤᠯᠠ ᠢᠳᠡᠬᠦ ᠵᠠᠩᠰᠢᠯ ᠦᠭᠡᠢ ᠪᠠᠶᠢᠵᠠᠢ᠃     ᠡᠷᠬᠢᠬᠦ ᠳᠦᠷᠪᠡᠨ ᠤᠯᠠᠷᠢᠯ ᠤᠨ ᠪᠠᠶᠢᠳᠠᠯ ᠢ ᠦᠵᠡᠵᠦ᠂ ᠮᠣᠩᠭᠤᠯᠴᠤᠳ ᠤᠯᠠᠷᠢᠯ ᠳᠠᠭᠠᠨ ᠲᠣᠬᠢᠷᠠᠭᠰᠠᠨ ᠣᠨᠴᠠᠯᠢᠭᠲᠤ ᠴᠠᠢ ᠤᠤᠭᠤᠵᠤ ᠪᠠᠶᠢᠳᠠᠭ ᠶᠤᠮ᠃     ᠵᠤᠳᠠᠩ ᠴᠠᠢ —  ᠬᠠᠪᠤᠷ ᠤᠨ ᠬᠠᠪᠰᠠᠷᠭ᠎ᠠ ᠶᠡᠬᠡᠲᠡᠢ ᠴᠠᠭ ᠲᠤ ᠰᠦ ᠴᠠᠭ᠎ᠠ ᠪᠠᠭᠠᠰᠴᠤ᠂ ᠡᠳᠦᠷ ᠤᠷᠲᠤ ᠪᠣᠯᠬᠤ ᠳᠤ ᠮᠣᠩᠭᠤᠯᠴᠤᠳ ᠭᠤᠯᠢᠷᠳᠠᠭᠰᠠᠨ ᠴᠠᠢ ᠤᠤᠭᠤᠳᠠᠭ  ᠂ ᠡᠭᠦᠨ ᠢ ᠪᠠᠰᠠ ᠵᠤᠳᠠᠩ ᠴᠠᠢ ᠭᠡᠨ᠎ᠡ᠃ ᠭᠤᠯᠢᠷ ᠢᠶᠠᠨ ᠰᠢᠷ᠎ᠠ ᠲᠣᠰᠤ ᠬᠤᠨᠤᠭ ᠪᠣᠳᠠᠭ᠎ᠠ ᠲᠠᠢ ᠬᠠᠭᠤᠷᠬᠤ ᠪᠣᠶᠣ ᠬᠤᠨᠢᠨ ᠤ ᠰᠡᠭᠦᠯ ᠤᠨ ᠦᠬᠡᠬᠦ ᠶᠢ ᠵᠢᠵᠢᠭᠯᠡᠨ ᠬᠡᠷᠴᠢᠵᠤ ᠬᠠᠭᠤᠷᠴᠤ ᠬᠢᠳᠡᠭ ᠴᠦ ᠪᠣᠢ᠃ ᠡᠨᠡ ᠨᠢ ᠦᠳᠬᠡᠨ ᠪᠦᠭᠡᠳ ᠦᠯ ᠳᠠᠷᠤᠬᠤ᠂ ᠤᠮᠳᠠ ᠬᠠᠷᠢᠬᠤ ᠢᠳᠡᠭᠡᠨ ᠪᠣᠯᠬᠤ ᠤᠶᠢᠯᠡᠳᠤᠯ ᠲᠠᠢ᠃     ᠪᠣᠷᠴᠠ ᠲᠠᠢ ᠴᠠᠢ — ᠪᠣᠷᠴᠠ ᠲᠠᠢ ᠴᠠᠢ ᠤᠤᠭᠤᠬᠤ ᠳᠤ ᠪᠣᠷᠴᠠ ᠪᠠᠨ ᠨᠦᠳᠦᠵᠦ ᠪᠣᠳᠠᠭ᠎ᠠ ᠣᠷᠬᠢᠵᠤ ᠤᠤᠭᠤᠳᠠᠭ᠂ ᠡᠨᠡ ᠨᠢ ᠬᠤᠭᠤᠯᠠ ᠶᠢ ᠣᠷᠤᠯᠠᠳᠠᠭ᠃ ᠮᠣᠩᠭᠤᠯᠴᠤᠳ ᠤᠨ ᠴᠠᠢ ᠪᠣᠯ ᠪᠠᠰᠠ ᠨᠢᠭᠡ ᠵᠤᠶᠢᠯ ᠤᠨ ᠬᠦᠬᠡ ᠢᠳᠡᠭᠡᠨ ᠤ ᠨᠦᠬᠦᠪᠦᠷᠢ ᠶᠤᠮ᠃ ᠢᠩᠬᠢᠬᠦ ᠳᠡᠭᠡᠨ ᠮᠣᠩᠭᠤᠯ ᠬᠦᠮᠦᠨ ᠤ ᠪᠡᠶ᠎ᠡ ᠳᠤ ᠰᠢᠮ᠎ᠡ ᠲᠡᠵᠢᠭᠡᠯ ᠳᠤᠲᠠᠭᠳᠠᠬᠤ ᠦᠭᠡᠢ ᠪᠠᠶᠢᠳᠠᠭ ᠶᠤᠮ᠃     ᠴᠢᠮᠦᠭᠡ ᠲᠠᠢ ᠴᠠᠢ — ᠴᠢᠮᠦᠭᠡᠨ ᠤ ᠶᠠᠰᠤ ᠶᠢ ᠴᠠᠢ ᠳᠠᠭᠠᠨ ᠴᠢᠨᠠᠵᠤ ᠤᠤᠭᠤᠳᠠᠭ᠃ ᠴᠢᠮᠦᠭᠡᠨ ᠤ ᠰᠢᠮ᠎ᠡ ᠶᠡᠭᠡ ᠪᠣᠯᠬᠤᠷ ᠢᠩᠬᠢᠵᠤ ᠤᠤᠭᠤᠳᠠᠭ ᠪᠠᠶᠢᠬ᠎ᠠ᠃ ᠴᠢᠮᠦᠭᠡ ᠲᠠᠢ ᠴᠠᠢ ᠤᠤᠭᠤᠬᠤ ᠨᠢ ᠪᠡᠶ᠎ᠡ ᠮᠦᠴᠢ ᠪᠠᠨ ᠴᠢᠩᠭᠠᠷᠠᠭᠤᠯᠵᠤ᠂ ᠶᠠᠰᠤᠨ ᠳᠤ ᠰᠢᠮ᠎ᠡ ᠲᠡᠵᠢᠭᠡᠯ ᠨᠦᠬᠦᠪᠦᠷᠢᠯᠡᠬᠦ ᠵᠡᠷᠭᠡ ᠰᠠᠶᠢᠨ ᠲᠠᠯ᠎ᠠ ᠲᠠᠢ᠃     ᠡᠭᠡᠭᠦᠨ ᠴᠠᠢ — ᠬᠦᠳᠡᠭᠡ ᠶᠢᠨ ᠨᠠᠰᠤᠲᠠᠶᠢᠴᠤᠳ ᠴᠠᠢ ᠶᠢ ᠦᠳᠭᠡᠨ ᠡᠭᠡᠭᠦᠨ ᠴᠢᠨᠠᠵᠤ ᠤᠤᠭᠤᠳᠠᠭ᠃ ᠮᠠᠯᠵᠢᠬᠤ ᠣᠷᠤᠨ ᠤ ᠠᠵᠢᠯ ᠠᠷᠪᠢᠨ ᠪᠦᠭᠡᠳ ᠵᠤᠨ ᠳᠠᠭᠠᠨ ᠬᠠᠯᠠᠭᠤᠨ᠂ ᠡᠪᠦᠯ ᠳᠡᠭᠡᠨ ᠬᠦᠢᠲᠡᠨ ᠪᠣᠯᠬᠤᠷ ᠦᠳᠭᠡᠨ ᠴᠠᠢ ᠤᠤᠭᠤᠪᠠᠯ ᠵᠤᠨ ᠳᠠᠭᠠᠨ ᠴᠠᠩᠭ᠎ᠠ ᠲᠠᠶᠢᠯᠵᠤ᠂ ᠡᠪᠦᠯ ᠳᠡᠭᠡᠨ ᠪᠡᠶ᠎ᠡ ᠳᠤᠯᠠᠭᠠᠴᠠᠭᠤᠯᠤᠨ᠂ ᠴᠢᠯᠡᠭᠡ ᠲᠠᠶᠢᠯᠳᠠᠭ ᠬᠡᠮᠡᠨ ᠠᠷᠠᠳ ᠤᠨ ᠳᠤᠮᠳᠠ ᠶᠠᠷᠢᠭᠳᠠᠳᠠᠭ᠃     ᠮᠣᠩᠭᠤᠯᠴᠤᠳ ᠤᠨ ᠢᠳᠡᠭᠡᠨ ᠤᠮᠳᠠᠭᠠᠨ ᠶᠡᠷᠦ ᠠᠴᠠ ᠰᠢᠨᠵᠢᠯᠡᠬᠦ ᠤᠬᠠᠭᠠᠨᠴᠢ ᠦᠵᠡᠯᠲᠡ ᠵᠣᠷᠢᠯᠲᠠ ᠲᠠᠢ ᠪᠠᠶᠢᠭᠰᠠᠨ ᠨᠢ ᠲᠣᠳᠤᠷᠬᠠᠢ ᠪᠢᠯᠡ᠃ ᠡᠷᠲᠡ ᠤᠷᠢᠳᠤ ᠴᠠᠭ ᠲᠤ ᠮᠣᠩᠭᠤᠯᠴᠤᠳ ᠭᠡᠭᠡᠷ᠎ᠡ ᠶᠢᠨ ᠴᠠᠢ ᠤᠤᠭᠤᠵᠤ ᠪᠠᠶᠢᠵᠠᠢ᠃ ᠪᠠᠷᠤᠭ 17 ᠳ᠋ᠤᠭᠠᠷ ᠵᠠᠭᠤᠨ ᠤ ᠤᠷᠢᠳᠤᠭᠤᠷ ᠬᠤᠶᠢᠭᠤᠷ ᠡᠮᠦᠨ᠎ᠡ ᠣᠷᠤᠨ ᠤ ᠲᠠᠷᠢᠮᠠᠯ ᠴᠠᠢ ︵ᠬᠡᠪ ᠤᠨ ᠴᠠᠢ︶ ᠭᠡᠭᠡᠷ᠎ᠡ ᠶᠢᠨ ᠴᠠᠢ ᠶᠢ ᠣᠷᠤᠯᠠᠬᠤ ᠪᠣᠯᠤᠭᠰᠠᠨ ᠪᠠᠶᠢᠨ᠎ᠠ᠃               ︵ ︽ᠮᠣᠩᠭᠤᠯᠴᠤᠳ ᠤᠨ ᠤᠯᠠᠮᠵᠢᠯᠠᠯᠲᠤ ᠢᠳᠡᠭᠡᠨ ᠤᠮᠳᠠᠭᠠᠨ ᠤ ᠶᠣᠰᠤᠨ︾ ᠠᠴᠠ ᠠᠪᠤᠪᠠ︶
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号