ᠠᠷᠢᠬᠢ ᠤᠤᠭᠤᠬᠤ ᠨᠢ ᠠᠰᠢᠭ ᠦᠭᠡᠢ ᠭᠡᠳᠡᠭ ᠢ ᠬᠦᠮᠦᠨ ᠪᠣᠯᠭᠠᠨ ᠮᠡᠳᠡᠵᠦ ᠪᠠᠶᠢᠳᠠᠭ ᠴᠤ ᠠᠷᠢᠬᠢᠨ ᠳᠤ | ᠰᠣᠭᠲᠤᠬᠤ ᠶᠢᠨ ᠤᠷᠲᠤ ᠬᠤᠭᠤᠴᠠᠭᠠᠨ ᠤ ᠨᠦᠯᠦᠭᠡ ᠶᠢ ᠠᠩᠬᠠᠷᠤᠭᠰᠠᠨ ᠬᠦᠮᠦᠨ ᠴᠦᠭᠡᠨ ᠪᠠᠶᠢᠳᠠᠭ᠃ | ᠠᠮᠧᠷᠢᠺᠠ ᠶᠢᠨ ᠸᠠᠰᠢᠩᠲ᠋ᠣᠨ ᠶᠡᠭᠡ ᠰᠤᠷᠭᠠᠭᠤᠯᠢ ᠶᠢᠨ ᠰᠣᠳᠤᠯᠤᠭᠠᠴᠢ ᠣᠶᠢᠷ᠎ᠠ ᠳᠤ ︽ᠰᠢᠨᠦᠯᠲᠤ ᠠᠵᠢᠯᠯᠠᠭ᠎ᠠ︾ | ᠰᠡᠳᠭᠦᠯ ᠳᠡᠭᠡᠷ᠎ᠡ ᠮᠡᠳᠡᠭᠦᠯᠦᠯᠲᠡ ᠨᠡᠶᠢᠲᠡᠯᠡᠵᠦ ᠬᠡᠯᠡᠬᠦ ᠳᠡᠭᠡᠨ᠂ ᠨᠢᠭᠡ ᠤᠳᠠᠭ᠎ᠠ ᠠᠷᠢᠬᠢᠨ ᠳᠤ ᠰᠣᠭᠳᠤᠪᠠᠯ ᠶᠡᠭᠡ | ᠲᠠᠷᠢᠬᠢ ᠶᠢ ᠪᠦᠲᠤᠨ ᠵᠢᠯ ᠨᠦᠯᠦᠭᠡᠯᠡᠵᠦ᠂ ᠵᠢᠯ ᠲᠣᠷᠰᠢ ᠠᠷᠢᠬᠢ ᠳᠠᠭᠠᠭᠠᠬᠤ ᠪᠠᠨ ᠪᠣᠯᠢᠬᠤ ᠮᠦᠷᠲᠡᠭᠡᠨ ᠠᠮᠠᠷᠬᠠᠨ | ᠪᠡᠶ᠎ᠡ ᠮᠠᠭᠤᠲᠠᠲᠠᠭ ᠭᠡᠵᠡᠢ᠃ | ᠰᠣᠳᠤᠯᠭᠠᠲᠠᠨ ᠠᠮᠧᠷᠢᠺᠠ ᠶᠢᠨ 600 ᠤᠶᠤᠲᠠᠨ ᠳᠤ ᠰᠣᠳᠤᠯᠭ᠎ᠠ ᠬᠢᠵᠤ᠂ 21 ᠨᠠᠰᠤᠨ ᠤ ᠲᠦᠷᠤᠭ᠍ᠰᠡᠨ | ᠡᠳᠦᠷ ᠠᠴᠠ ᠡᠮᠦᠨᠡᠬᠢ ᠨᠢᠭᠡ ᠰᠠᠷ᠎ᠠ ᠠᠴᠠ ᠡᠬᠢᠯᠡᠨ ᠪᠦᠲᠤᠨ ᠨᠢᠭᠡ ᠵᠢᠯ ᠤᠨ ᠬᠤᠭᠤᠷᠤᠨᠳᠤᠬᠢ ᠠᠷᠢᠬᠢ ᠤᠤᠭᠤᠭᠰᠠᠨ | ᠪᠠᠶᠢᠳᠠᠯ ᠢ ᠨᠢ ᠮᠦᠷᠳᠡᠨ ᠪᠠᠶᠢᠴᠠᠭᠠᠭᠰᠠᠨ ᠪᠠᠶᠢᠨ᠎ᠠ᠃ ᠪᠠᠶᠢᠴᠠᠭᠠᠯᠲᠠ ᠶᠢᠨ ᠳ᠋ᠦᠩ ᠠᠴᠠ ᠦᠵᠡᠪᠡᠯ᠂ ᠡᠳᠡᠭᠡᠷ | ᠰᠤᠷᠤᠭᠴᠢᠳ 21 ᠨᠠᠰᠤᠨ ᠤ ᠲᠦᠷᠤᠭ᠍ᠰᠡᠨ ᠡᠳᠦᠷ ᠲᠡᠭᠡᠨ ᠳᠤᠮᠳᠠᠴᠢ ᠪᠠᠷ 9.6 ᠬᠤᠨᠳᠠᠭ᠎ᠠ ᠠᠷᠢᠬᠢ ᠤᠤᠭᠤᠵᠠᠢ᠃ | ᠲᠡᠷᠡ ᠡᠳᠦᠷ ᠠᠷᠢᠬᠢᠨ ᠳᠤ ᠰᠣᠭᠲᠤᠭᠰᠠᠨ ᠰᠤᠷᠤᠭᠴᠢ ᠶᠢᠨ ᠨᠢᠭᠡ ᠵᠢᠯ ᠤᠨ ᠳᠣᠲᠤᠷ᠎ᠠ ᠠᠷᠢᠬᠢ ᠳᠠᠭᠠᠭᠠᠬᠤ | ᠬᠡᠮᠵᠢᠶ᠎ᠡ ᠨᠢ ᠴᠦᠮ ᠪᠠᠭᠤᠷᠠᠵᠤ᠂ ᠠᠮᠠᠷᠬᠠᠨ ᠰᠣᠭᠲᠤᠬᠤ᠂ ᠪᠦᠭᠡᠯᠵᠢᠬᠦ᠂ ᠮᠠᠨᠠᠷᠠᠬᠤ ᠵᠡᠷᠭᠡ ᠪᠠᠶᠢᠳᠠᠯ ᠢᠯᠡᠷᠡᠬᠦ | ᠪᠣᠯᠤᠮᠵᠢ ᠨᠢ ᠨᠡᠩ ᠶᠡᠭᠡ᠂ ᠲᠤᠭ᠎ᠠ ᠨᠢ ᠨᠡᠩ ᠠᠷᠪᠢᠨ ᠪᠣᠯᠤᠭᠰᠠᠨ ᠪᠠᠶᠢᠨ᠎ᠠ᠃ | ᠰᠣᠳᠤᠯᠭᠠᠨ ᠤ ᠬᠡᠯᠡᠬᠦ ᠪᠠᠷ᠂ ᠨᠢᠭᠡ ᠤᠳᠠᠭ᠎ᠠ ᠠᠷᠢᠬᠢᠨ ᠳᠤ ᠰᠣᠭᠲᠤᠪᠠᠯ ᠶᠡᠭᠡ ᠲᠠᠷᠢᠬᠢᠨ ᠳᠤ ᠰᠡᠳᠡᠯᠲᠡ | ᠦᠭᠴᠦ᠂ ᠬᠡᠰᠡᠭ ᠠᠵᠢᠯᠯᠠᠭᠠᠨ ᠤ ᠴᠢᠳᠠᠪᠦᠷᠢ ᠶᠢ ᠨᠢ ᠭᠡᠮᠲᠦᠭᠡᠬᠦ ᠤᠴᠢᠷ ᠠᠴᠠ ᠳᠠᠬᠢᠵᠤ ᠠᠷᠢᠬᠢ ᠤᠤᠭᠤᠬᠤ ᠦᠶ᠎ᠡ | ᠳᠤ ᠦᠪᠡᠷ ᠢ ᠪᠠᠨ ᠬᠠᠮᠠᠭᠠᠯᠠᠬᠤ ᠪᠣᠯᠳᠠᠭ᠃ | ︽ᠨᠢᠭᠡ ᠤᠳᠠᠭ᠎ᠠ ᠠᠷᠢᠬᠢᠨ ᠳᠤ ᠰᠣᠭᠲᠤᠬᠤ ᠠᠴᠠ ᠪᠣᠯᠵᠤ ᠵᠢᠯ ᠲᠣᠷᠰᠢ ᠨᠦᠯᠦᠭᠡᠯᠡᠭᠳᠡᠨ᠎ᠡ ᠭᠡᠳᠡᠭ ᠢ | ᠣᠯᠠᠩᠬᠢ ᠬᠦᠮᠦᠨ ᠰᠠᠶᠢᠨ ᠮᠡᠳᠡᠬᠦ ᠦᠭᠡᠢ ᠪᠠᠶᠢᠳᠠᠭ᠂ ᠲᠡᠷᠡ ᠮᠦᠷᠲᠡᠭᠡᠨ ᠨᠢᠭᠡ ᠤᠳᠠᠭ᠎ᠠ ᠠᠷᠢᠬᠢᠨ ᠳᠤ | ᠰᠣᠭᠲᠤᠬᠤ ᠠᠴᠠ ᠪᠣᠯᠤᠭᠰᠠᠨ ᠭᠡᠮᠲᠤᠯ ᠨᠢ ᠡᠭᠦᠨ ᠢᠶᠠᠷ ᠵᠣᠭᠰᠤᠬᠤ ᠦᠭᠡᠢ ᠶᠤᠮ᠃ ᠲᠤᠰ ᠰᠣᠳᠤᠯᠭᠠᠨ ᠨᠢ | ᠬᠦᠮᠦᠰ ᠤᠨ ᠠᠷᠢᠬᠢᠨ ᠤ ᠬᠤᠣᠷ ᠬᠦᠨᠦᠭᠡᠯ ᠢ ᠲᠠᠨᠢᠵᠤ᠂ ᠠᠷᠢᠬᠢ ᠤᠤᠭᠤᠬᠤ ᠪᠠᠨ ᠪᠠᠭᠠᠰᠬᠠᠬᠤ ᠳᠤ ᠠᠰᠢᠭᠲᠠᠢ | ᠪᠠᠶᠢᠵᠤ᠂ ᠣᠯᠠᠨ ᠨᠡᠶᠢᠲᠡ ᠶᠢᠨ ᠡᠷᠡᠭᠦᠯ ᠮᠡᠨᠳᠦ ᠳᠤ ᠤᠷᠲᠤ ᠬᠤᠭᠤᠴᠠᠭᠠᠨ ᠤ ᠠᠰᠢᠭ ᠲᠤᠰᠠ ᠲᠠᠢ ᠶᠤᠮ︾ ᠭᠡᠵᠦ | ᠰᠣᠳᠤᠯᠭᠠᠲᠠᠳ ᠦᠵᠡᠵᠦ ᠪᠣᠢ᠃ | | ︵︽ᠠᠮᠢ ᠨᠠᠰᠤᠨ ᠤ ᠴᠠᠭ ᠤᠨ ᠰᠣᠨᠢᠨ︾ ᠠᠴᠠ ᠠᠪᠤᠪᠠ︶ |