ᠠᠯᠪᠠᠨ ᠭᠡᠷ ᠲᠤ ᠪᠡᠯᠡᠬᠡᠨ ᠪᠠᠶᠢᠯᠭᠠᠪᠠᠯ ᠵᠣᠬᠢᠬᠤ 3 ᠵᠤᠶᠢᠯ ᠤᠨ ᠢᠳᠡᠭᠡᠨ
ᠨᠡᠶᠢᠲᠡᠯᠡᠭᠰᠡᠨ ᠴᠠᠭ᠄
2017/3/30
    ᠦᠯ ᠳᠠᠷᠤᠬᠤ ᠢᠳᠡᠭᠡᠨ᠄ ᠠᠭᠠᠭ ᠲᠠᠢ ᠭᠤᠯᠢᠷ ᠤᠨ ᠮᠢᠶᠠᠨᠪᠣᠣ᠂ ᠬᠠᠲᠠᠭᠤ ᠵᠢᠮᠢᠰ᠃ ᠠᠭᠠᠭ ᠲᠠᠢ ᠭᠤᠯᠢᠷ ᠤᠨ ᠮᠢᠶᠠᠨᠪᠣᠣ ᠨᠢ ᠨᠡᠶᠢᠯᠡᠮᠡᠯ ᠴᠢᠨᠠᠷᠲᠠᠢ ᠨᠡᠭᠦᠷᠡᠰᠦᠳᠦ᠋ᠷᠦᠭᠴᠢ ᠤᠰᠤᠨ ᠤ ᠨᠢᠭᠡᠳᠪᠦᠷᠢ ᠳᠤ ᠲᠣᠭᠠᠴᠠᠭᠳᠠᠬᠤ ᠪᠣᠯᠬᠤᠷ ᠴᠢᠰᠤᠨ ᠤ ᠰᠢᠬᠢᠷ ᠢ ᠲᠣᠭᠲᠠᠪᠤᠷᠢᠵᠢᠭᠤᠯᠬᠤ ᠮᠦᠷᠲᠡᠭᠡᠨ ᠰᠢᠷᠬᠡᠭ ᠡᠯᠪᠡᠭ ᠠᠭᠤᠯᠤᠭᠳᠠᠳᠠᠭ ᠠᠴᠠ ᠦᠯ ᠲᠠᠢ ᠪᠠᠶᠢᠳᠠᠭ᠃ ᠯᠤᠬᠠᠱᠧᠩ᠂ ᠭᠦᠢᠯᠡᠰᠤᠨ ᠴᠦᠮ᠎ᠡ᠂ ᠬᠤᠰᠢᠭ᠎ᠠ ᠵᠡᠷᠭᠡ ᠡᠯ᠎ᠡ ᠵᠤᠶᠢᠯ ᠤᠨ ᠬᠠᠲᠠᠭᠤ ᠵᠢᠮᠢᠰ ᠲᠤ ᠤᠷᠭᠤᠮᠠᠯᠯᠢᠭ ᠤᠭᠤᠷᠠᠭ᠂ ᠡᠷᠡᠭᠦᠯ ᠬᠠᠨᠤᠮᠠᠯ ᠪᠣᠰᠤ ᠲᠣᠰᠤ ᠪᠣᠯᠤᠨ ᠰᠢᠷᠬᠡᠭ ᠡᠯᠪᠡᠭ ᠠᠭᠤᠯᠤᠭᠳᠠᠳᠠᠭ ᠪᠣᠯᠬᠤᠷ ᠦᠯ ᠳᠠᠷᠤᠵᠤ᠂ ᠬᠤᠳᠤᠭᠤᠳᠤᠨ ᠤ ᠰᠢᠩᠭᠡᠭᠡᠯᠲᠡ ᠶᠢ ᠤᠳᠠᠭᠠᠰᠢᠷᠠᠭᠤᠯᠳᠠᠭ᠃ ᠭᠡᠪᠡᠴᠦ ᠬᠠᠲᠠᠭᠤ ᠵᠢᠮᠢᠰ ᠨᠢ ᠲᠣᠰᠤ ᠶᠡᠬᠡᠲᠡᠢ ᠪᠣᠯᠬᠤᠷ ᠡᠳᠦᠷ ᠪᠦᠷᠢ ᠨᠢᠭᠡ ᠯᠠ ᠬᠠᠯᠪᠠᠭ᠎ᠠ ᠢᠳᠡᠪᠡᠯ ᠰᠠᠶᠢᠨ᠂ ᠬᠡᠲᠤᠷᠡᠪᠡᠯ ᠠᠮᠠᠷᠬᠠᠨ ᠮᠠᠷᠢᠶᠠᠯᠠᠨ᠎ᠠ᠃     ᠨᠢᠳᠤᠨ ᠳᠤ ᠲᠤᠰᠠᠲᠠᠢ ᠢᠳᠡᠭᠡᠨ᠄ ᠬᠡᠷᠢᠶᠡᠨᠴᠢ᠂ ᠵᠢᠮᠢᠰᠭᠡᠨ᠎ᠡ᠃ ᠬᠡᠷᠢᠶᠡᠨᠴᠢ ᠶᠢ ᠡᠷᠲᠡ ᠤᠵᠤᠭᠤᠷ ᠠᠴᠠ ︽ᠤᠯᠠᠭᠠᠨ ᠡᠷᠳᠡᠨᠢ︾ ᠬᠡᠮᠡᠳᠡᠭ᠃ ᠲᠡᠭᠦᠨ ᠳᠤ ᠡᠯᠪᠡᠭ ᠠᠭᠤᠯᠤᠭᠳᠠᠳᠠᠭ ᠪᠠᠶᠢᠭᠠᠯᠢᠯᠢᠭ ᠦᠩᠭᠡ ᠶᠢᠨ  ᠡᠳ᠋ ᠪᠣᠯᠬᠤ β ᠬᠤ᠋ ᠯᠣᠣᠪᠠᠩ ᠤᠨ ᠡᠳ᠋ ᠨᠢ ᠸᠢᠲ᠋ᠠᠮᠢᠨA ᠤ ᠤᠷᠢᠳᠠᠴᠢ ᠪᠣᠯᠤᠭᠰᠠᠨ ᠤ ᠬᠤᠪᠢ ᠳᠤ᠂ ᠸᠢᠲ᠋ᠠᠮᠢᠨA ᠳᠤᠲᠠᠭᠳᠠᠬᠤ ᠠᠴᠠ ᠰᠡᠷᠭᠡᠶᠢᠯᠡᠵᠦ᠂ ᠨᠢᠳᠤᠨ ᠬᠠᠷᠠᠭᠠᠨ ᠳᠤ ᠰᠠᠶᠢᠨ ᠪᠠᠶᠢᠳᠠᠭ᠃ ᠤᠷᠲᠤ ᠬᠤᠭᠤᠴᠠᠭ᠎ᠠ ᠪᠠᠷ ᠺᠣᠮᠫᠢᠦ᠋ᠲ᠋ᠧᠷ᠂ ᠲᠧᠯᠸᠢᠰ᠂ ᠲᠣᠭᠯᠠᠭᠠᠮ ᠤᠨ ᠮᠠᠰᠢᠨ ᠵᠡᠷᠭᠡ ᠶᠢ ᠱᠠᠭᠠᠶᠢᠪᠠᠯ ᠴᠦᠮ ᠸᠢᠲ᠋ᠠᠮᠢᠨA ᠶᠢᠨ ᠬᠤᠷᠤᠭᠳᠠᠯ ᠢ ᠨᠡᠮᠡᠭᠳᠡᠭᠦᠯᠳᠡᠭ ᠪᠣᠯᠬᠤᠷ ᠸᠢᠲ᠋ᠠᠮᠢᠨ A ᠨᠦᠬᠦᠬᠦ ᠶᠢ ᠣᠨᠴᠠ ᠠᠩᠬᠠᠷᠬᠤ ᠬᠡᠷᠡᠭᠲᠡᠢ᠃ ᠬᠡᠷᠢᠶᠡᠨᠴᠢ ᠶᠢ ᠶᠡᠷᠤ  ᠳᠡᠭᠡᠨ ᠤᠰᠤᠨ ᠳᠤ ᠪᠦᠷᠢᠵᠦ ᠤᠤᠭᠤᠳᠠᠭ᠂ ᠭᠡᠬᠦ ᠳᠡᠭᠡᠨ ᠤᠰᠤᠨ ᠳᠤ ᠪᠦᠷᠢᠵᠦ ᠦᠯᠡᠳᠡᠭᠰᠡᠨ ᠭᠡᠷᠢᠶᠡᠨᠴᠢ ᠪᠠᠨ ᠬᠠᠶᠠᠯ ᠦᠭᠡᠢ ᠪᠠᠷ ᠢᠳᠡᠬᠦ ᠳᠤ ᠬᠦᠷᠪᠡᠯ ᠨᠢᠳᠤᠨ ᠳᠤ ᠨᠡᠩ ᠲᠤᠰᠠᠲᠠᠢ ᠪᠠᠶᠢᠳᠠᠭ᠃ ᠵᠢᠮᠢᠰᠭᠡᠨ᠎ᠡ ᠳᠤ ᠽᠢᠶᠠᠨᠢᠲᠡᠨ ᠡᠯᠪᠡᠭ ᠠᠭᠤᠯᠤᠭᠳᠠᠵᠤ᠂ ᠬᠢᠯᠭᠠᠰᠤᠨ ᠰᠤᠳᠠᠯ ᠢ ᠬᠠᠮᠠᠭᠠᠯᠠᠨ ᠨᠢᠳᠤᠨ ᠳᠤ ᠴᠢᠰᠤ ᠬᠠᠩᠭᠠᠬᠤ ᠶᠢ ᠰᠠᠶᠢᠵᠢᠷᠠᠭᠤᠯᠬᠤ ᠤᠶᠢᠯᠡᠳᠤᠯ ᠲᠠᠢ ᠪᠠᠶᠢᠳᠠᠭ᠃     ᠲᠠᠷᠢᠬᠢ ᠰᠡᠷᠭᠦᠭᠡᠬᠦ ᠢᠳᠡᠭᠡᠨ᠄ ᠨᠣᠭᠤᠭᠠᠨ ᠴᠠᠢ᠂ ᠬᠠᠷ᠎ᠠ ᠴᠣᠺᠣᠯᠠᠨᠳ᠋᠃ ᠨᠤᠭᠤᠭᠠᠨ ᠴᠠᠢ ᠳᠤ ᠲᠢᠶᠠᠨᠢᠨ ᠠᠭᠤᠯᠤᠭᠳᠠᠳᠠᠭ᠂ ᠡᠨᠡ ᠪᠣᠯ ᠨᠢᠭᠡ ᠵᠤᠶᠢᠯ ᠤᠨ ᠶᠡᠭᠡ ᠲᠠᠷᠢᠬᠢ ᠲᠠᠶᠢᠪᠦᠰᠢᠷᠠᠭᠤᠯᠬᠤ ᠤᠶᠢᠯᠡᠳᠤᠯ ᠲᠠᠢ ᠢᠰᠤᠯᠳᠦᠬᠦ ᠶᠢ ᠳᠠᠭᠠᠭᠠᠬᠤ ᠡᠳ᠋ ᠪᠠᠶᠢᠵᠤ᠂ ᠪᠠᠴᠢᠮᠳᠠᠵᠤ ᠰᠠᠨᠳᠤᠷᠤᠭᠰᠠᠨ ᠰᠡᠳᠭᠢᠯᠭᠡ ᠶᠢ ᠲᠦᠷᠭᠡᠨ ᠲᠠᠶᠢᠳᠬᠤᠷᠠᠭᠤᠯᠳᠠᠭ᠃ ᠨᠣᠭᠤᠭᠠᠨ ᠴᠠᠢ ᠳᠤ ᠡᠯᠪᠡᠭ ᠠᠭᠤᠯᠤᠭᠳᠠᠬᠤ ᠺᠣᠹᠸᠢᠢᠨ ᠨᠢ ᠬᠦᠮᠦᠨ ᠤ ᠲᠦᠪ ᠮᠡᠳᠡᠷᠡᠯ ᠢ ᠬᠦᠭᠡᠷᠦᠭᠦᠯᠳᠡᠭ ᠪᠣᠯᠬᠤᠷ ᠰᠡᠳᠭᠢᠯ ᠰᠡᠷᠭᠦᠭᠡᠨ ᠤᠬᠠᠭᠠᠨ ᠰᠠᠷᠠᠭᠤᠯᠵᠢᠭᠤᠯᠬᠤ ᠤᠶᠢᠯᠡᠳᠤᠯ ᠲᠠᠢ ᠪᠠᠶᠢᠳᠠᠭ᠃ ᠭᠡᠪᠡᠴᠦ ᠨᠣᠭᠤᠭᠠᠨ ᠴᠠᠢ ᠶᠢᠨ ᠤᠮᠳᠠᠭᠠᠨ ᠤ ᠵᠤᠶᠢᠯ ᠢ ᠤᠤᠭᠤᠬᠤ ᠦᠭᠡᠢ ᠪᠠᠶᠢᠪᠠᠯ ᠰᠠᠶᠢᠨ᠃ ᠰᠣᠳᠤᠯᠭᠠᠨ ᠠᠴᠠ ᠦᠵᠡᠪᠡᠯ᠂ ᠬᠠᠷ᠎ᠠ ᠴᠣᠺᠣᠯᠠᠨᠳ᠋  ᠨᠢ ᠶᠡᠭᠡ ᠲᠠᠷᠢᠬᠢᠨ ᠤ ᠴᠢᠰᠤᠨ ᠤ ᠬᠠᠩᠭᠠᠯᠭ᠎ᠠ ᠶᠢ ᠨᠡᠮᠡᠭᠳᠡᠭᠦᠯᠳᠡᠭ᠃ ᠡᠳᠦᠷ ᠪᠦᠷᠢ ᠵᠦᠪᠬᠡᠨ 9.3 ᠭᠷᠡᠮ ᠬᠠᠷ᠎ᠠ ᠴᠣᠺᠣᠯᠠᠨᠳ᠋ ᠢᠳᠡᠪᠡᠯ ᠳᠠᠷᠤᠢ ᠨᠠᠰᠤ ᠠᠬᠢᠭᠰᠠᠨ ᠠᠴᠠ ᠪᠣᠯᠵᠤ ᠮᠠᠷᠲᠠᠮᠠᠲᠠᠭᠠᠢ ᠪᠣᠯᠬᠤ ᠠᠴᠠ ᠰᠡᠷᠭᠡᠶᠢᠯᠡᠵᠦ ᠴᠢᠳᠠᠨ᠎ᠠ᠃ ᠡᠭᠦᠨ ᠠᠴᠠ ᠭᠠᠳᠠᠨ᠎ᠠ᠂ ᠬᠠᠷ᠎ᠠ ᠴᠣᠺᠣᠯᠠᠨᠳ᠋ ᠨᠢ ᠪᠠᠰᠠ ᠶᠡᠭᠡ ᠲᠠᠷᠢᠬᠢᠨ ᠳᠤ ᠰᠡᠳᠡᠯᠲᠡ ᠦᠭᠴᠦ ᠮᠡᠳᠡᠷᠡᠯ ᠤᠨ ᠵᠠᠭᠤᠴᠢ ᠪᠣᠳᠠᠰ ᠢᠯᠭᠠᠷᠠᠭᠤᠯᠳᠠᠭ ᠪᠣᠯᠬᠤᠷ ᠬᠦᠮᠦᠨ ᠤ ᠠᠩᠬᠠᠷᠤᠯ ᠢ ᠤᠯᠠᠮ ᠲᠦᠪᠯᠡᠷᠡᠭᠦᠯᠵᠤ ᠴᠢᠳᠠᠳᠠᠭ ᠶᠤᠮ᠃                                    ︵ᠠᠷᠠᠳ ᠤᠨ ᠰᠦᠯᠵᠢᠶ᠎ᠡ ᠠᠴᠠ ᠠᠪᠤᠪᠠ︶
 
ᠢᠷᠡᠯᠲᠡ᠄ ᠦᠪᠤᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号