ᠡᠮᠡᠭᠲᠡᠶᠢᠴᠦᠳ ᠤᠨ ᠬᠠᠪᠤᠷ ᠤᠨ ᠤᠯᠠᠷᠢᠯ ᠳᠠᠬᠢ ᠪᠡᠶ᠎ᠡ ᠰᠣᠪᠢᠯᠠᠬᠤ ᠳᠦᠷᠪᠡᠨ ᠠᠷᠭ᠎ᠠ
ᠨᠡᠶᠢᠲᠡᠯᠡᠭᠰᠡᠨ ᠴᠠᠭ᠄
2017/3/30
    ᠡᠮᠡᠭᠲᠡᠶᠢᠴᠦᠳ ᠭᠤᠸ᠎ᠠ ᠰᠠᠶᠢᠬᠠᠨ ᠢᠶᠠᠨ ᠪᠠᠲᠤᠯᠠᠨ ᠡᠷᠡᠭᠦᠯ ᠴᠢᠬᠢᠷᠠᠭ ᠶᠠᠪᠤᠶ᠎ᠠ ᠭᠡᠪᠡᠯ ᠬᠠᠪᠤᠷ ᠤᠨ ᠤᠯᠠᠷᠢᠯ ᠳᠤ ᠡᠷᠬᠡᠪᠰᠢ ᠲᠣᠬᠢᠷᠠᠮᠵᠢᠲᠠᠢ ᠪᠡᠶ᠎ᠡ ᠰᠣᠪᠢᠯᠠᠬᠤ ᠠᠷᠭ᠎ᠠ ᠠᠪᠬᠤ ᠬᠡᠷᠡᠭᠲᠡᠢ᠂ ᠲᠠ ᠨᠠᠷ ᠮᠢᠨᠢ ᠳᠣᠣᠷᠠᠬᠢ ᠳᠦᠷᠪᠡᠨ ᠠᠷᠭ᠎ᠠ ᠪᠠᠷ ᠲᠣᠷᠰᠢᠵᠤ ᠦᠵᠡᠭᠡᠷᠡᠢ᠃     1.ᠬᠦᠴᠢᠯᠯᠢᠭ ᠴᠢᠨᠠᠷᠲᠠᠢ ᠵᠤᠶᠢᠯ ᠢ ᠳᠤᠲᠠᠭᠤ ᠢᠳᠡᠭᠡᠷᠡᠢ᠃ ᠬᠠᠪᠤᠷ ᠤᠨ ᠤᠯᠠᠷᠢᠯ ᠳᠤ᠂ ᠬᠦᠮᠦᠨ ᠤ ᠡᠯᠢᠭᠡᠨ  ᠤ ᠬᠠᠯᠠᠭᠤᠨ ᠳᠡᠭᠡᠭᠰᠢᠯᠡᠬᠦ ᠤᠴᠢᠷ ᠠᠴᠠ ᠬᠦᠴᠢᠯᠯᠢᠭ ᠴᠢᠨᠠᠷᠲᠠᠢ ᠵᠤᠶᠢᠯ ᠢ ᠢᠳᠡᠪᠡᠯ ᠡᠯᠢᠭᠡᠨ ᠬᠠᠯᠠᠭᠤᠨ ᠤᠯᠠᠮ ᠬᠡᠴᠡᠭᠦᠳᠡᠭᠡᠳ ᠬᠤᠳᠤᠭᠤᠳᠤ ᠭᠡᠳᠡᠰᠤ  ᠮᠠᠭᠤᠲᠠᠬᠤ ᠢᠯᠡᠷᠡᠯ ᠭᠠᠷᠤᠨ᠎ᠠ᠃  ᠬᠠᠪᠤᠷ ᠤᠨ ᠤᠯᠠᠷᠢᠯ ᠳᠤ ᠬᠤᠨᠢᠨ ᠮᠢᠬ᠎ᠠ ᠂ ᠨᠣᠬᠠᠢ ᠶᠢᠨ ᠮᠢᠬ᠎ᠠ᠂ ᠪᠦᠲᠦᠨ᠎ᠡ ᠶᠢᠨ ᠮᠢᠬ᠎ᠠ᠂ ᠯᠤᠬᠠᠱᠧᠩ᠂ ᠨᠠᠷᠠᠨ ᠬᠤᠸᠠᠷ ᠤᠨ ᠦᠷ᠎ᠡ᠂ ᠳᠠᠯᠠᠢ ᠶᠢᠨ ᠵᠢᠭᠠᠰᠤ᠂ ᠰᠠᠮ ᠬᠤᠷᠤᠬᠠᠢ᠂ ᠨᠠᠶᠢᠮᠡᠯᠵᠢ ᠮᠡᠲᠦ ᠶᠢᠨ ᠬᠦᠴᠢᠯᠯᠢᠭ ᠴᠢᠨᠠᠷᠲᠠᠢ ᠵᠤᠶᠢᠯ ᠢ ᠳᠤᠲᠠᠭᠤ ᠢᠳᠡᠵᠤ᠂ ᠲᠦᠮᠦᠰᠤ᠂ ᠬᠠᠪᠤᠷ ᠤᠨ ᠰᠦᠶ᠎ᠡ᠂ ᠦᠷᠭᠡᠰᠤᠲᠤ ᠨᠣᠭᠤᠭ᠎ᠠ᠂ ᠴᠢᠪᠠᠭ᠎ᠠ᠂ ᠭᠤᠭᠤᠳ ᠵᠡᠷᠭᠡ ᠶᠢᠨ ᠨᠣᠭᠤᠭ᠎ᠠ ᠶᠢ ᠢᠳᠡᠪᠡᠯ ᠵᠣᠬᠢᠨ᠎ᠠ     2.ᠴᠢᠬᠢᠭ ᠲᠠᠢ ᠣᠷᠴᠢᠨ ᠳᠤ ᠤᠳᠠᠭᠠᠨ ᠰᠠᠭᠤᠵᠤ ᠪᠣᠯᠬᠤ ᠦᠭᠡᠢ᠃  ᠬᠠᠪᠤᠷ ᠤᠨ ᠤᠯᠠᠷᠢᠯ ᠳᠤ᠂ ᠡᠳᠦᠷ ᠳᠤᠯᠠᠭᠠᠷᠠᠬᠤ ᠶᠢ ᠳᠠᠭᠠᠯᠳᠤᠨ ᠲᠦᠮᠡᠨ ᠪᠣᠳᠠᠰ ᠠᠮᠢᠯᠠᠨ᠂ ᠬᠤᠷᠤᠬᠠᠢ ᠪᠠᠺᠲ᠋ᠧᠷᠢ ᠶᠡᠭᠡ ᠪᠠᠷ ᠦᠷᠡᠵᠢᠨ ᠲᠦᠯᠵᠢᠬᠦ ᠪᠣᠯᠬᠤᠷ ᠡᠭᠦᠳᠡ ᠴᠣᠩᠬᠤ ᠪᠠᠨ ᠨᠡᠭᠡᠭᠡᠵᠦ ᠰᠠᠯᠬᠢ ᠵᠢᠪᠠᠷ ᠨᠡᠪᠲᠡᠷᠡᠭᠦᠯᠬᠦ ᠶᠢᠨ ᠵᠡᠷᠭᠡᠪᠡᠷ ᠬᠦᠨᠵᠢᠯᠡ ᠳᠡᠪᠢᠰᠭᠡᠷ᠂ ᠬᠤᠪᠴᠠᠰᠤ ᠬᠤᠨᠠᠷ ᠢᠶᠠᠨ ᠨᠠᠷᠠᠨ ᠳᠤ ᠳᠡᠯᠭᠡᠨ ᠡᠭᠡᠭᠡᠬᠦ ᠬᠡᠷᠡᠭᠲᠡᠢ᠃ ᠡᠮᠡᠭᠲᠡᠶᠢᠴᠦᠳ ᠪᠦᠰ ᠢᠶᠠᠷ ᠬᠢᠭᠰᠡᠨ ᠬᠤᠪᠴᠠᠰᠤ ᠬᠤᠨᠠᠷ ᠡᠮᠦᠰᠪᠡᠯ ᠡᠷᠡᠭᠦᠯ ᠴᠢᠬᠢᠷᠠᠭ ᠲᠤ ᠲᠤᠰᠠᠲᠠᠢ ᠶᠤᠮ᠃     3.ᠦᠷᠬᠦᠯᠵᠢ ᠬᠦᠳᠡᠯᠭᠡᠭᠡᠨ ᠬᠢᠵᠤ᠂ ᠭᠡᠷ ᠠᠴᠠ ᠪᠠᠨ ᠭᠠᠷᠬᠤ ᠦᠭᠡᠢ ᠪᠠᠶᠢᠵᠤ ᠪᠣᠯᠬᠤ ᠦᠭᠡᠢ᠃ ᠬᠠᠪᠤᠷ ᠤᠨ ᠤᠯᠠᠷᠢᠯ ᠪᠣᠯ ᠡᠬᠡ ᠪᠠᠶᠢᠭᠠᠯᠢ ᠶᠢᠨ ᠲᠦᠮᠡᠨ ᠪᠣᠳᠠᠰ ᠤᠨ ᠠᠮᠢᠯᠠᠨ ᠳᠡᠯᠭᠡᠷᠡᠬᠦ ᠴᠠᠭ ᠮᠦᠨ᠂ ᠡᠨᠡ ᠦᠶ᠎ᠡ ᠳᠤ ᠢᠯᠡᠭᠦᠬᠡᠨ ᠭᠡᠷ ᠤᠨ ᠭᠠᠳᠠᠨ᠎ᠠ ᠭᠠᠷᠴᠤ ᠰᠤᠯᠠ ᠠᠯᠬᠤᠯᠠᠬᠤ ᠪᠣᠶᠣ ᠬᠠᠮᠲᠤ ᠶᠢᠨ ᠪᠦᠵᠢᠭ ᠪᠦᠵᠢᠭᠯᠡᠬᠦ᠂ ᠨᠠᠷᠠᠨ ᠳᠤ ᠡᠭᠡᠭᠡᠪᠡᠯ ᠬᠦᠮᠦᠨ ᠤ ᠪᠡᠶ᠎ᠡ ᠮᠠᠬᠠᠪᠤᠳ ᠲᠤ ᠶᠡᠭᠡ ᠰᠠᠶᠢᠨ ᠪᠠᠶᠢᠳᠠᠭ ᠶᠤᠮ᠃     4.ᠪᠠᠶᠠᠰᠤᠩᠭᠤᠢ ᠪᠠᠶᠢᠵᠤ ᠠᠭᠤᠷᠯᠠᠵᠤ ᠪᠠᠴᠢᠮᠳᠠᠬᠤ ᠠᠴᠠ ᠬᠢᠴᠢᠶᠡᠬᠦ ᠬᠡᠷᠡᠭᠲᠡᠢ᠃ ᠬᠠᠪᠤᠷ ᠤᠨ ᠤᠯᠠᠷᠢᠯ ᠳᠤ ᠬᠦᠮᠦᠨ ᠤ ᠡᠯᠡᠭᠡᠨ ᠬᠠᠯᠠᠭᠤᠨ ᠳᠡᠭᠡᠭᠰᠢᠯᠡᠵᠦ ᠠᠭᠤᠷ ᠣᠮᠤᠭ ᠨᠡᠮᠡᠭᠳᠡᠬᠦ ᠪᠣᠯᠬᠤᠷ ᠠᠭᠤᠷᠯᠠᠵᠤ ᠪᠠᠴᠢᠮᠳᠠᠬᠤ ᠠᠴᠠ ᠣᠨᠴᠠᠭᠠᠢ ᠬᠢᠴᠢᠶᠡᠵᠦ ᠲᠡᠯᠢᠭᠦᠦ ᠪᠠᠨ ᠬᠠᠮᠠᠭᠠᠯᠠᠬᠤ ᠬᠡᠷᠡᠭᠲᠡᠢ᠃ ᠰᠡᠳᠬᠢᠯ ᠰᠠᠨᠠᠭ᠎ᠠ ᠪᠠᠨ ᠠᠭᠤᠵᠢᠭᠤ ᠲᠠᠯᠪᠢᠭᠠᠳ ᠪᠠᠶᠢᠯᠭᠠᠪᠠᠯ ᠡᠷᠡᠭᠦᠯ ᠴᠢᠬᠢᠷᠠᠭ ᠭᠠᠩᠭᠠᠩ ᠰᠠᠶᠢᠬᠠᠨ ᠶᠠᠪᠤᠬᠤ ᠳᠤ ᠴᠢᠨᠢ ᠮᠠᠰᠢ ᠲᠤᠰᠠᠲᠠᠢ ᠶᠤᠮ᠃                                                                              ᠲ᠊  ᠂  ᠵᠢᠷᠭᠠᠯ
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号