ᠬᠡᠥᠭᠡᠳ ᠲᠤ ᠭᠠᠷ ᠤᠲᠠᠰᠤ ᠲᠣᠭᠯᠠᠭᠤᠯᠬᠤ ᠦᠭᠡᠢ ᠪᠠᠶᠢᠬᠤ ᠠᠷᠪᠠᠨ ᠰᠢᠯᠲᠠᠭᠠᠨ
ᠨᠡᠶᠢᠲᠡᠯᠡᠭᠰᠡᠨ ᠴᠠᠭ᠄
2017/3/31
    ᠬᠡᠥᠭᠡᠳ ᠣᠶᠢᠯᠠᠩᠨᠠᠭᠠᠳ ᠪᠠᠶᠢᠪᠠᠯ ᠭᠠᠷ ᠤᠲᠠᠰᠤ ᠶᠤᠮ ᠤᠤ᠂ ipad ᠦᠭᠴᠦ ᠲᠠᠶᠢᠪᠤᠰᠢᠷᠠᠭᠤᠯᠳᠠᠭ ᠤᠤ︖ ᠲᠡᠭᠡᠪᠡᠯ ᠲᠠ ᠳᠣᠣᠷᠠᠬᠢ ᠠᠷᠪᠠᠨ ᠲᠣᠭᠯᠠᠭᠤᠯᠬᠤ ᠦᠭᠡᠢ ᠪᠠᠶᠢᠬᠤ ᠰᠢᠯᠲᠠᠭᠠᠨ ᠢ ᠮᠡᠳᠡᠬᠦ ᠬᠡᠷᠡᠭᠲᠡᠢ᠃ ᠭᠠᠷ ᠤᠲᠠᠰᠤ ᠵᠡᠷᠭᠡ ᠪᠠᠷ ᠡᠳᠦᠷ ᠲᠤ ᠳᠦᠷᠪᠡᠨ ᠴᠠᠭ ᠪᠣᠶᠣ ᠲᠡᠭᠦᠨ ᠠᠴᠠ ᠤᠷᠳᠤ ᠴᠠᠭ ᠲᠣᠭᠯᠠᠳᠠᠭ 3-5 ᠨᠠᠰᠤᠨ ᠤ ᠬᠡᠥᠭᠡᠳ ᠤᠨ ᠬᠤᠪᠢ ᠳᠤ ᠮᠠᠰᠢ ᠬᠦᠨᠳᠦ ᠲᠦᠷᠤᠯ ᠤᠨ ᠬᠠᠷᠢᠯᠴᠠᠭᠠᠨ ᠤ ᠡᠮᠬᠡᠭ ᠲᠠᠢ ᠪᠣᠯᠬᠤ ᠮᠦᠷᠲᠡᠭᠡᠨ ᠦᠰᠦᠯᠲᠡ ᠪᠣᠶᠢᠵᠢᠯᠲᠠ ᠨᠢ ᠤᠳᠠᠭᠠᠰᠢᠷᠠᠬᠤ ᠢᠯᠡᠷᠡᠯ ᠲᠠᠢ ᠪᠠᠶᠢᠳᠠᠭ᠃ ᠲᠡᠶᠢᠮᠦ ᠠᠴᠠ ᠡᠮᠴᠢ᠂ ᠮᠡᠷᠭᠡᠵᠢᠯᠲᠡᠳ ᠠᠴᠠ ᠡᠴᠢᠬᠡ ᠡᠬᠡ ᠪᠣᠯᠤᠭᠰᠠᠳ ᠲᠤ ᠠᠷᠪᠠᠨ ᠬᠤᠶᠠᠷ ᠨᠠᠰᠤ ᠬᠦᠷᠬᠦ ᠠᠴᠠ ᠡᠮᠦᠨ᠎ᠡ ᠭᠠᠷ ᠤᠲᠠᠰᠤ ᠪᠣᠯᠤᠨ ᠪᠣᠰᠤᠳ ᠲᠦᠰᠲᠡᠢ ᠲᠦᠭᠦᠭᠡᠷᠤᠮᠵᠢ ᠨᠦᠭᠦᠳ ᠠᠴᠠ ᠬᠤᠯᠠ ᠪᠠᠶᠢᠯᠭᠠᠬᠤ ᠶᠢ ᠤᠷᠢᠶᠠᠯᠠᠵᠤ ᠪᠠᠶᠢᠨ᠎ᠠ᠃ ᠡᠳᠡᠭᠡᠷ ᠠᠷᠪᠠᠨ ᠰᠢᠯᠲᠠᠭᠠᠨ ᠢ ᠵᠠᠪᠠᠯ ᠮᠡᠳᠡᠵᠦ ᠠᠪᠬᠤ ᠬᠡᠷᠡᠭᠲᠡᠢ᠃     ᠨᠢᠭᠡ᠂ ᠭᠠᠷ ᠤᠲᠠᠰᠤᠨ ᠤ ᠨᠦᠯᠦᠭᠡ ᠨᠢ 0-2 ᠨᠠᠰᠤᠨ ᠤ ᠬᠡᠥᠭᠡᠳ ᠤᠨ ᠲᠠᠷᠢᠬᠢᠨ ᠤ ᠲᠣᠭᠲᠠᠮᠠᠯ ᠬᠦᠭᠵᠢᠯ ᠢ ᠰᠦᠷᠬᠦ ᠪᠠᠷ ᠨᠦᠯᠦᠭᠡᠯᠡᠳᠡᠭ᠃     ᠬᠤᠶᠠᠷ᠂ ᠡᠳᠡᠭᠡᠷ ᠨᠢ ᠬᠦᠳᠡᠯᠭᠡᠭᠡᠨ ᠢ ᠬᠢᠵᠠᠭᠠᠷᠯᠠᠵᠤ ᠪᠡᠶ᠎ᠡ ᠶᠢᠨ ᠦᠰᠦᠯᠲᠡ ᠪᠣᠶᠢᠵᠢᠯᠲᠠ ᠶᠢ ᠤᠳᠠᠭᠠᠰᠢᠷᠠᠭᠤᠯᠬᠤ ᠬᠦᠨᠦᠭᠡᠯ ᠲᠠᠢ᠃     ᠭᠤᠷᠪᠠ᠂ ᠲᠧᠯᠸᠢᠰ᠂ ᠺᠣᠮᠫᠢᠦ᠋ᠲ᠋ᠧᠷ ᠨᠢ ᠬᠡᠥᠭᠡᠳ ᠢ ᠮᠠᠷᠢᠶ᠎ᠠ ᠲᠠᠢ ᠪᠣᠯᠭᠠᠳᠠᠭ᠃     ᠳᠥᠷᠪᠡ᠂ ᠤᠨᠲᠠᠬᠤ ᠠᠴᠠ ᠪᠠᠨ ᠡᠮᠦᠨ᠎ᠡ ᠲᠧᠯᠸᠢᠰ᠂ ᠺᠣᠮᠫᠢᠦ᠋ᠲ᠋ᠧᠷ ᠦᠵᠡᠳᠡᠭ ᠬᠡᠥᠭᠡᠳ ᠨᠣᠶᠢᠷ ᠤᠨ ᠳᠤᠲᠠᠭᠳᠠᠯ ᠳᠤ ᠣᠷᠤᠳᠠᠭ᠃     ᠲᠠᠪᠤ᠂ ᠬᠡᠳᠤ ᠶᠡᠭᠡ ᠲᠧᠭᠨᠢᠦᠯᠦᠬᠢ ᠶᠢᠨ ᠬᠡᠷᠡᠭᠯᠡᠭᠡ ᠨᠢ ᠬᠤᠭᠤᠯᠠᠨ ᠤ ᠳᠤᠷᠠᠰᠢᠯ᠂ ᠠᠭᠠᠰᠢ ᠠᠪᠤᠷᠢ ᠶᠢ ᠨᠢ ᠰᠦᠷᠬᠦ ᠪᠠᠷ ᠨᠦᠯᠦᠭᠡᠯᠡᠳᠡᠭ᠃     ᠵᠢᠷᠭᠤᠭ᠎ᠠ᠂ ᠲᠣᠭᠯᠠᠭᠠᠮ᠂ ᠺᠢᠨᠣ᠋ ᠶᠢᠨ ᠳᠡᠭᠡᠷ᠎ᠡ ᠭᠠᠷᠳᠠᠭ ᠬᠦᠴᠤᠷᠭᠡᠭᠯᠡᠯ ᠨᠢ ᠬᠡᠥᠭᠡᠳ ᠢ ᠠᠭᠤᠷ ᠤᠴᠠᠭᠠᠷ ᠲᠠᠢ ᠪᠣᠯᠭᠠᠵᠤ᠂ ᠰᠡᠳᠬᠢᠴᠡ ᠵᠦᠢ ᠶᠢᠨ ᠬᠤᠪᠢ ᠳᠤ ᠭᠡᠮ ᠡᠮᠬᠡᠭ ᠲᠠᠢ ᠪᠣᠯᠭᠠᠳᠠᠭ᠃     ᠳᠣᠯᠤᠭ᠎ᠠ᠂ ᠬᠡᠳᠤ ᠶᠡᠭᠡ ᠲᠣᠭᠯᠠᠭᠠᠮ ᠤᠨ ᠵᠤᠶᠢᠯ᠂ ᠬᠡᠥᠬᠡᠯᠳᠡᠢ ᠵᠦᠴᠦᠭᠡ ᠦᠵᠡᠬᠦ ᠨᠢ ᠬᠡᠥᠭᠡᠳ ᠤᠨ ᠣᠢ ᠰᠠᠨᠠᠮᠵᠢ᠂ ᠲᠦᠪᠯᠡᠷᠡᠬᠦ ᠴᠢᠳᠠᠪᠦᠷᠢ ᠶᠢ ᠪᠠᠭᠤᠷᠠᠭᠤᠯᠳᠠᠭ᠃     ᠨᠠᠢᠮᠠ᠂ 8-18 ᠨᠠᠰᠤᠨ ᠤ ᠬᠡᠥᠭᠡᠳ ᠤᠳ ᠤᠨ 10%᠎ ᠨᠢ ᠲᠧᠭᠨᠢᠦᠯᠦᠬᠢ ᠶᠢᠨ ᠲᠦᠷᠤᠯ  ᠪᠦᠷᠢ ᠶᠢᠨ ᠬᠡᠷᠡᠭᠯᠡᠭᠡᠨ ᠳᠤ ᠬᠦᠴᠤᠲᠡᠢ ᠰᠢᠨᠦᠬᠠᠶᠢᠷᠠᠵᠤ ᠪᠠᠶᠢᠨ᠎ᠠ᠃     ᠶᠢᠰᠤ᠂ ᠡᠯᠧᠺᠲᠷᠤᠨ ᠲᠦᠭᠦᠭᠡᠷᠤᠮᠵᠢ ᠠᠴᠠ ᠢᠯᠭᠠᠷᠠᠵᠤ ᠪᠣᠢ ᠰᠠᠴᠤᠷᠠᠭ ᠲᠤ ᠨᠦᠯᠦᠭᠡᠯᠡᠭᠳᠡᠳᠡᠭ᠃     ᠠᠷᠪᠠ᠂ ᠲᠧᠭᠨᠢᠦᠯᠦᠬᠢ ᠶᠢᠨ ᠲᠤᠰᠠᠯᠠᠮᠵᠢ ᠲᠠᠢ ᠬᠦᠮᠦᠵᠢᠭᠰᠡᠨ᠂ ᠰᠤᠷᠤᠯᠴᠠᠭᠰᠠᠨ ᠬᠡᠥᠭᠡᠳ ᠤᠨ ᠮᠡᠳᠡᠯᠭᠡ ᠲᠣᠭᠲᠠᠪᠤᠷᠢ ᠦᠭᠡᠢ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号