ᠳᠠᠪᠤᠰᠤᠨ ᠤ ᠷᠢᠳᠢ ᠰᠢᠳᠢ ᠲᠠᠢ ᠤᠶᠢᠯᠡᠳᠤᠯ ᠤᠳ
ᠨᠡᠶᠢᠲᠡᠯᠡᠭᠰᠡᠨ ᠴᠠᠭ᠄
2017/3/31
  1.ᠳᠠᠭᠤᠤ ᠳᠠᠭᠤᠯᠠᠬᠤ ᠪᠣᠶᠣ ᠦᠭᠡ ᠠᠷᠪᠢᠨ ᠶᠠᠷᠢᠪᠠᠯ ᠬᠤᠭᠤᠯᠠᠢ ᠰᠦᠭᠡᠳᠡᠭ᠂ ᠵᠢᠭᠠᠬᠠᠨ ᠳᠠᠪᠤᠰᠤ ᠲᠠᠢ ᠤᠰᠤ ᠤᠤᠭᠤᠪᠠᠯ ᠳᠠᠷᠤᠢ ᠰᠠᠶᠢᠨ ᠪᠣᠯᠴᠢᠬᠠᠳᠠᠭ᠃    2.ᠲᠣᠯᠤᠭᠠᠢ ᠶᠢᠨ ᠬᠠᠭ ᠪᠣᠲᠠᠷᠠᠬᠤ ᠨᠢ ᠬᠦᠮᠦᠨ ᠤ ᠪᠣᠬᠢᠨᠢᠳᠤᠯ ᠢ ᠡᠭᠦᠰᠭᠡᠳᠡᠭ᠂ ᠦᠷᠬᠦᠯᠵᠢ ᠳᠠᠪᠤᠰᠤ ᠲᠠᠢ ᠤᠰᠤ ᠪᠠᠷ ᠲᠣᠯᠤᠭᠠᠢ ᠪᠠᠨ ᠤᠬᠢᠶᠠᠪᠠᠯ ᠬᠠᠭ ᠭᠠᠷᠬᠤ ᠦᠭᠡᠢ ᠮᠦᠷᠲᠡᠭᠡᠨ ᠪᠠᠰᠠ ᠭᠡᠵᠢᠭᠡ ᠤᠨᠠᠬᠤ ᠶᠢ ᠰᠡᠷᠭᠡᠶᠢᠯᠡᠳᠡᠭ᠃    3.ᠢᠳᠡᠰᠢᠨ ᠨᠣᠭᠤᠭ᠎ᠠ ᠳᠤ ᠦᠷᠬᠦᠯᠵᠢ ᠨᠤᠭᠤᠭᠠᠨ ᠬᠤᠷᠤᠬᠠᠢ ᠪᠠᠶᠢᠭᠠᠳ ᠪᠠᠶᠢᠳᠠᠭ᠂ ᠨᠣᠭᠤᠭ᠎ᠠ ᠪᠠᠨ ᠳᠠᠪᠤᠰᠤ  ᠲᠠᠢ ᠤᠰᠤᠨ ᠳᠤ ᠬᠢᠪᠡᠯ ᠲᠡᠳᠡᠭᠡᠷ ᠬᠤᠷᠤᠬᠠᠢ ᠨᠤᠭᠤᠳ ᠨᠢ ᠦᠪᠡᠷᠲᠡᠭᠡᠨ ᠭᠠᠷᠤᠭᠠᠳ ᠢᠷᠡᠴᠢᠭᠡᠳᠡᠭ᠃    4.ᠵᠢᠮᠢᠰ ᠪᠣᠶᠣ ᠢᠳᠡᠰᠢᠨ ᠨᠣᠭᠤᠭ᠎ᠠ ᠶᠢᠨ ᠰᠦᠮᠦᠰᠦ ᠶᠢ ᠮᠠᠰᠢᠨ ᠢᠶᠠᠷ ᠰᠢᠬᠠᠬᠤ ᠦᠶ᠎ᠡ ᠳᠤ ᠶᠡᠭᠡ ᠬᠡᠮᠵᠢᠶᠡᠨ ᠤ ᠸᠢᠲ᠋ᠠᠮᠢᠨ C ᠶᠢ ᠠᠯᠳᠠᠭᠤᠯᠳᠠᠭ᠃ ᠵᠢᠮᠢᠰ ᠨᠣᠭᠤᠭ᠎ᠠ ᠪᠠᠨ ᠭᠡᠷᠴᠢᠵᠤ ᠵᠣᠷᠭᠤᠬᠤ ᠠᠴᠠ ᠡᠮᠦᠨ᠎ᠡ ᠵᠢᠭᠠᠬᠠᠨ ᠳᠠᠪᠤᠰᠤ ᠬᠢᠪᠡᠯ ᠡᠨᠡ ᠠᠰᠠᠭᠤᠳᠠᠯ ᠠᠶᠠᠨᠳᠠᠭᠠᠨ ᠰᠢᠢᠳᠪᠦᠷᠢᠯᠡᠳᠡᠭ᠃    5.ᠴᠢᠩᠭᠠᠯᠢᠭ ︵ᠦᠳᠭᠡᠨ︶ ᠳᠠᠪᠤᠰᠤ ᠲᠠᠢ ᠤᠰᠤ ᠪᠣᠶᠣ ᠳᠠᠪᠤᠰᠤ ᠲᠠᠢ ᠤᠰᠤᠨ ᠳᠠᠭᠠᠨ ᠽᠣᠣ ᠬᠢᠭᠡᠳ ᠠᠶᠠᠭ᠎ᠠ  ᠫᠢᠯᠠ ᠶᠢᠨ ᠭᠬᠢᠷ ᠪᠣᠷᠳᠠᠭ ᠢ ᠵᠦᠯᠭᠦᠵᠦ ᠠᠷᠴᠢᠪᠠᠯ ᠣᠷᠣ ᠦᠭᠡᠢ ᠠᠷᠢᠯᠴᠢᠬᠠᠳᠠᠭ᠃    6.ᠯᠠ ᠠᠰᠠᠭᠠᠬᠤ ᠦᠶ᠎ᠡ ᠳᠡᠭᠡᠨ ᠯᠠ ᠶᠢᠨ ᠭᠤᠣᠯ ᠤᠨ ᠡᠷᠭᠢᠨ ᠲᠣᠭᠤᠷᠢᠨ ᠳᠤ ᠵᠢᠭᠠᠬᠠᠨ ᠳᠠᠪᠤᠰᠤ ᠦᠷᠤᠪᠡᠯ᠂ ᠯᠠ ᠶᠢ ᠨᠡᠩ ᠭᠡᠷᠡᠯ ᠭᠢᠯᠪᠠᠭ᠎ᠠ ᠲᠠᠢ ᠪᠣᠯᠭᠠᠬᠤ ᠪᠦᠭᠡᠳ ᠤᠳᠠᠭᠠᠨ ᠠᠰᠠᠵᠤ ᠯᠠ ᠳᠤ ᠠᠷᠪᠢᠳᠠᠢ ᠪᠠᠶᠢᠳᠠᠭ᠃    7.1᠄ 100 ᠶᠢᠨ ᠬᠠᠷᠢᠴᠠᠯ ᠢᠶᠠᠷ ᠳᠠᠪᠤᠰᠤ ᠲᠠᠢ ᠤᠰᠤ ᠪᠡᠯᠡᠳᠭᠡᠵᠤ᠂ ᠨᠠᠷᠢᠨ ᠭᠤᠣᠷᠰᠤ ᠪᠠᠷ ᠤᠤᠭᠤᠪᠠᠯ ᠬᠠᠨᠢᠶᠠᠬᠤ ᠶᠢ ᠵᠣᠭᠰᠤᠭᠠᠳᠠᠭ᠃    8.ᠮᠣᠳᠣ ᠪᠠᠷ ᠤᠶᠢᠯᠡᠳᠦᠭᠰᠡᠨ ᠭᠡᠷ ᠤᠨ ᠬᠡᠷᠡᠭᠰᠡᠯ ᠤᠳ ᠠᠮᠠᠷᠬᠠᠨ ᠬᠤᠷᠤᠬᠠᠶᠢᠳᠤᠳᠠᠭ᠂ ᠲᠡᠳᠡᠭᠡᠷ ᠤᠨ ᠦᠩᠭᠡᠨ ᠲᠠᠯ᠎ᠠ ᠶᠢ ᠳᠠᠪᠤᠰᠤ ᠲᠠᠢ ᠤᠰᠤ ᠪᠠᠷ ᠵᠦᠯᠭᠦᠪᠡᠯ ᠬᠤᠷᠤᠬᠠᠶᠢᠲᠤᠬᠤ ᠶᠢ ᠰᠡᠷᠭᠡᠶᠢᠯᠡᠵᠦ ᠪᠣᠯᠳᠠᠭ᠃    9.ᠦᠨᠳᠡᠭᠡ ᠴᠢᠨᠠᠬᠤ ᠶᠢᠨ ᠦᠶ᠎ᠡ ᠳᠡᠭᠡᠨ ᠤᠰᠤᠨ ᠳᠠᠭᠠᠨ ᠵᠢᠭᠠᠬᠠᠨ ᠳᠠᠪᠤᠰᠤ ᠬᠢᠪᠡᠯ ᠦᠨᠳᠡᠭᠡᠨ ᠬᠠᠯᠢᠰᠤ ᠨᠢ ᠬᠠᠭᠠᠷᠠᠬᠤ ᠦᠭᠡᠢ ᠪᠦᠭᠡᠳ ᠨᠢᠭᠡᠨᠲᠡ ᠬᠠᠭᠠᠷᠠᠭᠰᠠᠨ ᠦᠨᠳᠡᠭᠡᠨ ᠤ ᠴᠠᠭᠠᠨ ᠤᠷᠤᠰᠤᠨ ᠭᠠᠷᠬᠤ ᠶᠢ ᠰᠡᠷᠭᠡᠶᠢᠯᠡᠵᠦ ᠪᠣᠯᠳᠠᠭ᠃ ᠴᠢᠨᠠᠵᠤ ᠪᠣᠯᠭᠤᠭᠰᠠᠨ ᠤ ᠪᠠᠨ ᠬᠤᠶᠢᠨ᠎ᠠ ᠬᠦᠢᠲᠡᠨ ᠤᠰᠤᠨ ᠳᠤ ᠬᠢᠬᠦ ᠲᠠᠢ ᠵᠡᠷᠭᠡ ᠦᠨᠳᠡᠭᠡᠨ ᠬᠠᠯᠢᠰᠤ  ᠨᠢ ᠴᠤ ᠠᠮᠠᠷᠬᠠᠨ ᠱᠠᠭᠠᠯᠤᠭᠳᠠᠳᠠᠭ᠃    10.ᠺᠣᠹᠧ ᠳᠤ ᠵᠢᠭᠠᠬᠠᠨ ᠳᠠᠪᠤᠰᠤ ᠬᠢᠪᠡᠯ ᠪᠠᠰᠠ ᠨᠢᠭᠡᠨ ᠵᠤᠶᠢᠯ ᠤᠨ ᠦᠨᠦᠷ ᠠᠮᠲᠠ ᠲᠠᠢ ᠪᠠᠶᠢᠳᠠᠭ᠃ ᠭᠡᠶ᠎ᠡ ᠠᠷᠪᠢᠨ ᠬᠢᠵᠤ ᠪᠣᠯᠳᠠᠭ ᠦᠭᠡᠢ᠃    11.ᠳᠠᠪᠤᠰᠤ ᠲᠠᠢ ᠤᠰᠤ ᠪᠠᠷ ᠬᠤᠯᠤᠰᠤᠨ ᠡᠳ᠋ᠯᠡᠯ ᠢ ᠤᠬᠢᠶᠠᠪᠠᠯ ᠨᠡᠩ ᠪᠦᠬᠡ ᠪᠣᠯᠬᠤ ᠪᠠ ᠦᠩᠭᠡ ᠭᠠᠷᠳᠠᠭ᠃    12.ᠰᠣᠨᠢᠨ ᠤ ᠴᠠᠭᠠᠰᠤᠨ ᠳᠣᠳᠤᠷ᠎ᠠ ᠨᠢᠭᠡ ᠪᠠᠭ᠎ᠠ ᠳᠠᠪᠤᠰᠤ ᠬᠢᠭᠡᠳ ᠭᠠᠯ ᠬᠦᠭᠵᠢᠭᠡᠪᠡᠯ᠂ ᠭᠠᠯ ᠤᠨ ᠬᠦᠴᠦᠨ ᠢ ᠨᠡᠮᠡᠬᠦ ᠪᠦᠭᠡᠳ ᠤᠲᠤᠭ᠎ᠠ ᠭᠠᠷᠬᠤ ᠦᠭᠡᠢ ᠪᠠᠶᠢᠳᠠᠭ ︵ᠭᠡᠶ᠎ᠡ ᠮᠠᠨ ᠤ ᠮᠣᠩᠭᠤᠯᠴᠤᠳ ᠳᠠᠪᠤᠰᠤ ᠶᠢ ᠭᠠᠯ  ᠳᠤ ᠬᠢᠬᠦ ᠶᠢ ᠲᠠᠰᠤ ᠴᠡᠭᠡᠷᠯᠡᠳᠡᠭ︶᠃    13.ᠨᠠᠷᠢᠯᠢᠭ ᠳᠠᠪᠤᠰᠤ ᠪᠣᠶᠣ ᠳᠠᠪᠤᠰᠤ ᠲᠠᠢ ᠤᠰᠤ ᠪᠠᠷ ᠰᠢᠳᠦ ᠪᠠᠨ ᠤᠬᠢᠶᠠᠪᠠᠯ᠂ ᠰᠢᠳᠦ ᠠᠷᠠᠭ᠎ᠠ ᠨᠡᠩ ᠬᠠᠲᠠᠭᠤ ᠪᠠᠬᠢᠯᠢᠭ᠌ ᠪᠣᠯᠬᠤ ᠮᠦᠷᠲᠡᠭᠡᠨ ᠪᠠᠰᠠ ᠲᠤᠩ ᠴᠠᠭᠠᠨ ᠪᠣᠯᠳᠠᠭ᠃    14.ᠬᠦᠩᠬᠡᠨ ᠰᠢᠭ ᠢᠳᠡᠰᠢᠨ ᠳᠤ ᠬᠤᠣᠷᠳᠠᠭᠳᠠᠭᠰᠠᠨ ᠪᠣᠶᠣ ᠠᠷᠢᠬᠢ ᠤᠤᠭᠤᠭᠠᠳ ᠪᠦᠭᠡᠯᠵᠢᠵᠤ ᠭᠠᠷᠬᠤ ᠦᠭᠡᠢ ᠪᠠᠶᠢᠳᠠᠯ ᠤᠨ ᠳᠣᠣᠷ᠎ᠠ ᠳᠠᠪᠤᠰᠤ ᠲᠠᠢ ᠤᠰᠤ ᠤᠤᠭᠤᠪᠠᠯ ᠪᠦᠭᠡᠯᠵᠢᠭᠦᠯᠳᠡᠭ᠃    15.ᠳᠠᠮᠠᠬᠢᠨ ᠤᠲᠤᠭᠠᠨ ᠳᠤ ᠰᠢᠷᠠᠯᠠᠭᠰᠠᠨ ᠬᠤᠪᠴᠠᠰᠤ ᠬᠤᠨᠠᠷ ᠢ ᠳᠠᠪᠤᠰᠤ ᠲᠠᠢ ᠤᠰᠤ ᠪᠠᠷ ᠤᠬᠢᠶᠠᠪᠠᠯ ᠠᠷᠢᠯᠴᠢᠬᠠᠳᠠᠭ᠃    16.ᠰᠢᠨ᠎ᠡ ᠬᠤᠳᠠᠯᠳᠤᠨ ᠠᠪᠴᠢᠷᠠᠭᠰᠠᠨ ᠡᠰᠢ ᠶᠢᠨ ᠰᠦᠷᠡᠯ ᠤᠨ ᠲᠣᠣᠵᠣᠣ ︵ᠱᠦᠭᠦᠷ︶ ᠶᠢ ᠳᠠᠪᠤᠰᠤ ᠲᠠᠢ ᠤᠰᠤᠨ ᠳᠤ ᠳᠡᠪᠲᠤᠭᠡᠭᠡᠳ᠂ ᠠᠪᠴᠤ ᠭᠠᠷᠭᠠᠭᠠᠳ ᠬᠠᠲᠠᠭᠠᠭᠰᠠᠨ ᠤ ᠬᠤᠶᠢᠨ᠎ᠠ ᠬᠡᠷᠡᠭᠯᠡᠪᠡᠰᠦ ᠱᠦᠭᠦᠷ ᠤᠨ ᠰᠢᠷᠬᠡᠭ  ᠨᠢ ᠬᠤᠭᠤᠷᠠᠵᠤ ᠤᠨᠠᠬᠤ ᠦᠭᠡᠢ ᠪᠠᠶᠢᠳᠠᠭ᠃    17.ᠮᠡᠯᠡᠬᠡᠢ ᠶᠢ ᠴᠢᠨᠠᠬᠤ ᠠᠴᠠ ᠪᠠᠨ ᠡᠮᠦᠨ᠎ᠡ ᠳᠠᠪᠤᠰᠤ ᠲᠠᠢ ᠤᠰᠤᠨ ᠳᠤ ᠳᠡᠪᠲᠦᠭᠡᠵᠤ ᠰᠢᠷᠤᠢ ᠶᠢ ᠨᠢ ᠪᠦᠭᠡᠯᠵᠢᠭᠦᠯᠵᠦ ᠭᠠᠷᠭᠠᠪᠠᠯ᠂ ᠢᠳᠡᠬᠦ ᠶᠢᠨ ᠦᠶ᠎ᠡ ᠳᠤ ᠰᠢᠷᠤᠢ ᠠᠮᠲᠠᠭᠳᠠᠬᠤ ᠦᠭᠡᠢ ᠪᠠᠶᠢᠳᠠᠭ ︵ᠮᠣᠩᠭᠤᠯᠴᠤᠳ ᠣᠣᠯ ᠨᠢ ᠮᠡᠯᠡᠬᠡᠢ ᠮᠣᠭᠠᠢ ᠢᠳᠡᠳᠡᠭ ᠦᠭᠡᠢ ᠪᠠᠶᠢᠭᠰᠠᠨ᠂ ᠭᠡᠶ᠎ᠡ ᠣᠶᠢᠷ᠎ᠠ ᠶᠢᠨ ᠵᠢᠯ ᠳᠤ ᠮᠠᠨᠠᠶᠢᠬᠢᠨ ᠤ ᠵᠠᠷᠢᠮ ᠨᠢ ᠴᠤ ᠢᠳᠡᠬᠦ ᠪᠣᠯᠵᠤ ᠪᠣᠢ︶᠃    18.ᠦᠨᠢᠶᠡᠨ ᠰᠦᠨ ᠤ ᠦᠨᠦᠷ ᠠᠮᠲᠠ ᠨᠢ ᠦᠭᠡᠷᠡᠳᠦᠬᠦ ᠠᠴᠠ ᠪᠣᠯᠭᠤᠮᠵᠢᠯᠠᠪᠠᠯ ᠪᠠᠭ᠋ᠠᠨ ᠳᠠᠪᠤᠰᠤ ᠬᠢᠪᠡᠯ ᠨᠡᠯᠢᠶᠡᠳ ᠬᠡᠳᠦᠨ ᠡᠳᠦᠷ ᠪᠣᠯᠤᠯ᠎ᠠ ᠭᠡᠳ ᠠᠵᠢᠭ ᠦᠭᠡᠢ ᠪᠠᠶᠢᠳᠠᠭ ᠪᠠ ᠬᠤᠭᠤᠴᠠᠭ᠎ᠠ ᠨᠢ ᠬᠡᠲᠦᠷᠡᠭᠰᠡᠨ ᠴᠤ ᠦᠨᠳᠡᠭᠡ ᠲᠠᠢ ᠪᠣᠭᠤᠷᠰᠤᠭ ᠬᠢᠬᠦ ᠪᠣᠶᠣ ᠪᠡᠶ᠎ᠡ ᠪᠠᠨ ᠤᠬᠢᠶᠠᠵᠤ᠂ ᠲᠣᠯᠤᠭᠠᠢ ᠪᠠᠨ ᠤᠬᠢᠶᠠᠭᠰᠠᠨ ᠴᠤ ᠪᠦᠷ ᠪᠣᠯᠳᠠᠭ᠃    19.ᠤᠬᠢᠶᠠᠭᠰᠠᠨ ᠪᠣᠳᠠᠭᠠᠨ ᠳᠠᠭᠠᠨ ᠵᠢᠭᠠᠬᠠᠨ ᠳᠠᠪᠤᠰᠤ ᠬᠢᠵᠤ ᠴᠠᠬᠢᠯᠭᠠᠨ ᠲᠣᠭᠤᠭᠠᠨ ᠳᠠᠭᠠᠨ ᠵᠢᠩᠨᠡᠪᠡᠰᠤ᠂ ᠵᠢᠩᠨᠡᠵᠦ ᠭᠠᠷᠭᠠᠭᠰᠠᠨ ᠪᠣᠳᠠᠭ᠎ᠠ ᠨᠢ ᠰᠡᠪᠰᠡᠭᠡᠷ ᠵᠦᠭᠡᠯᠡᠨ ᠪᠦᠭᠡᠳ ᠪᠠᠰᠠ ᠨᠢᠭᠡ ᠵᠤᠶᠢᠯ ᠤᠨ ᠦᠨᠦᠷ ᠠᠮᠲᠠ ᠲᠠᠢ ᠪᠠᠶᠢᠳᠠᠭ᠃    20.ᠠᠯᠮᠤᠷᠠᠳ᠂ ᠠᠯᠢᠮ᠎ᠠ ᠵᠡᠷᠭᠡ ᠵᠢᠮᠢᠰ ᠤᠨ ᠬᠠᠯᠢᠰᠤ ᠶᠢ ᠵᠣᠷᠭᠤᠭᠠᠳ ᠤᠳᠠᠪᠠᠯ ᠰᠢᠷᠠᠯᠠᠴᠢᠬᠠᠳᠠᠭ᠂ ᠡᠭᠦᠨ  ᠳᠤ ᠵᠣᠷᠭᠤᠮᠠᠭᠴᠠ ᠪᠠᠨ ᠳᠠᠪᠤᠰᠤ ᠲᠠᠢ ᠤᠰᠤᠨ ᠳᠤ ᠬᠢᠪᠡᠯ ᠲᠡᠶᠢᠮᠦ ᠶᠠᠪᠤᠳᠠᠯ ᠭᠠᠷᠬᠤ ᠦᠭᠡᠢ᠃    21.ᠤᠬᠢᠶᠠᠯ ᠤᠨ ᠭᠠᠩ ᠳᠤ ᠪᠡᠶ᠎ᠡ ᠪᠠᠨ ᠤᠬᠢᠶᠠᠬᠤ ᠦᠶ᠎ᠡ ᠤᠬᠢᠶᠠᠯ ᠤᠨ ᠳᠠᠪᠤᠰᠤ ᠪᠣᠶᠣ ᠢᠳᠡᠰᠢᠨ ᠳᠠᠪᠤᠰᠤ ᠬᠢᠪᠡᠯ ᠪᠠᠺᠲ᠋ᠧᠷᠢ ᠳᠠᠷᠤᠬᠤ ᠪᠠᠷ ᠦᠯᠦ ᠪᠠᠷᠠᠮ ᠪᠠᠰᠠ ᠲᠠᠷᠢᠬᠢ ᠲᠣᠯᠤᠭᠠᠢ ᠰᠡᠷᠭᠦᠯᠡᠩ ᠴᠤᠭ ᠰᠦᠯᠲᠡ ᠪᠠᠳᠠᠷᠠᠩᠭᠤᠢ ᠪᠠᠶᠢᠳᠠᠭ᠃    22.ᠢᠳᠡᠭᠡᠨ ᠤ ᠽᠣᠣ ᠳᠤ ᠨᠢᠭᠡ ᠵᠢᠭᠠᠬᠠᠨ ᠳᠠᠪᠤᠰᠤ ᠬᠢᠪᠡᠯ ᠤᠳᠠᠯ᠎ᠠ ᠭᠡᠳ ᠴᠢᠨᠠᠷ ᠬᠤᠪᠢᠷᠠᠬᠤ ᠦᠭᠡᠢ ᠪᠠᠶᠢᠳᠠᠭ᠃    23.ᠰᠢᠷᠡᠭᠡ ᠰᠠᠨᠳᠠᠯᠢ ᠬᠡᠷᠪᠡ ᠰᠢᠲᠠᠭᠳᠠᠵᠤ ᠬᠠᠯᠠᠭᠠᠭᠳᠠᠭᠠᠳ ᠰᠢᠬ᠎ᠠ ᠰᠣᠷᠪᠢ ᠲᠠᠢ ᠪᠣᠯᠤᠭᠠᠳ ᠬᠠᠯᠳᠠᠩᠰᠢᠭᠰᠠᠨ ᠪᠠᠶᠢᠪᠠᠯ ᠠᠷᠤᠷ᠎ᠠ ᠶᠢᠨ ᠲᠣᠰᠤᠨ ᠳᠤ ᠳᠠᠪᠤᠰᠤ ᠬᠢᠭᠡᠳ ᠲᠦᠷᠬᠢᠵᠤ ᠲᠠᠯᠪᠢᠭᠠᠳ ᠨᠢᠭᠡ ᠴᠠᠭ ᠤᠨ ᠳᠠᠷᠠᠭ᠎ᠠ ᠵᠦᠯᠭᠦᠪᠡᠯ ᠤᠭ ᠤᠨ  ᠪᠠᠶᠢᠳᠠᠯ ᠳᠠᠭᠠᠨ ᠣᠷᠤᠳᠠᠭ᠃    24.ᠬᠦᠷᠢᠶᠡᠨ ᠳᠣᠲᠤᠷ᠎ᠠ ᠬᠤᠭ ᠡᠪᠡᠰᠤ ᠢᠭᠴᠤᠷᠠᠨ ᠤᠷᠭᠤᠭᠰᠠᠨ ᠪᠠᠶᠢᠪᠠᠯ᠂ ᠳᠡᠭᠡᠷ᠎ᠡ ᠨᠢ ᠬᠡᠳᠤᠨ ᠠᠳᠬᠤ ᠳᠠᠪᠤᠰᠤ ᠬᠠᠶᠠᠪᠠᠯ 3 ᠪᠣᠶᠣ 4 ᠡᠳᠦᠷ ᠤᠨ ᠳᠣᠲᠤᠷ᠎ᠠ ᠬᠠᠯᠴᠠᠷᠠᠨ ᠠᠷᠢᠯᠳᠠᠭ᠃    25.ᠰᠢᠷᠪᠤᠰᠤ ᠲᠠᠲᠠᠭᠠᠳ ᠳᠠᠭᠠᠷᠠᠳᠠᠰᠤ ᠬᠦᠷᠪᠡᠯ ᠳᠠᠪᠤᠰᠤ ᠶᠢ ᠬᠠᠭᠤᠷᠤᠨ ᠪᠦᠰ ᠢᠶᠠᠷ ᠪᠣᠭᠤᠭᠠᠳ ᠵᠢᠩ ᠲᠠᠯᠪᠢᠪᠠᠯ ᠳᠣᠣᠷ᠎ᠠ ᠪᠠᠨ ᠵᠣᠭᠰᠤᠴᠢᠬᠠᠳᠠᠭ᠃    26.ᠭᠠᠯ ᠤᠰᠤᠨ ᠳᠤ ᠬᠠᠯᠠᠭᠠᠭᠰᠠᠨ ᠰᠢᠷᠬ᠎ᠠ ᠶᠢ ᠳᠠᠪᠤᠰᠤ ᠲᠠᠢ ᠤᠰᠤ ᠪᠠᠷ 10 ᠮᠢᠨᠦ᠋ᠲ ᠳᠡᠪᠲᠦᠭᠡᠬᠦ ᠪᠣᠶᠣ ᠡᠰᠡᠭᠦᠯ᠎ᠡ ᠵᠢᠭᠠᠬᠠᠨ ᠳᠠᠪᠤᠰᠤ ᠦᠷᠦᠪᠡᠯ᠂ ᠡᠪᠡᠳᠬᠦ ᠶᠢ ᠵᠣᠭᠰᠤᠭᠠᠵᠤ᠂ ᠪᠠᠺᠲ᠋ᠧᠷᠢ ᠠᠯᠠᠬᠤ ᠬᠦᠴᠦᠨ ᠲᠠᠢ ᠪᠠᠶᠢᠳᠠᠭ᠃    27.ᠮᠣᠳᠤᠨ ᠡᠳ᠋ᠯᠡᠯ ᠢ ᠬᠡᠷᠡᠭᠯᠡᠭᠡᠳ ᠤᠳᠠᠪᠠᠯ ᠬᠠᠷᠠᠯᠠᠴᠢᠬᠠᠳᠠᠭ᠂ ᠳᠠᠪᠤᠰᠤ ᠲᠠᠢ ᠤᠰᠤ ᠪᠠᠷ ᠵᠦᠯᠭᠦᠪᠡᠯ ᠤᠭ ᠤᠨ ᠪᠠᠶᠢᠳᠠᠯ ᠨᠢ ᠰᠡᠷᠭᠦᠳᠡᠭ᠃    29.ᠢᠳᠡᠭᠡᠨ ᠢ ᠲᠣᠰᠤᠨ ᠳᠤ ᠪᠣᠴᠠᠯᠭᠠᠬᠤ ᠦᠶ᠎ᠡ ᠳᠤ ᠲᠣᠰᠤ ᠦᠰᠦᠷᠬᠦ ᠦᠵᠡᠭᠳᠡᠯ ᠭᠠᠷᠳᠠᠭ᠂ ᠲᠣᠭᠤᠭᠠᠨ ᠳᠠᠭᠠᠨ ᠵᠢᠭᠠᠬᠠᠨ ᠳᠠᠪᠤᠰᠤ ᠬᠢᠪᠡᠯ ᠡᠶᠢᠮᠦ ᠶᠠᠪᠤᠳᠠᠯ ᠭᠠᠷᠬᠤ ᠦᠭᠡᠢ ᠮᠦᠷᠲᠡᠭᠡᠨ ᠪᠠᠰᠠ ᠬᠡᠥᠷᠰᠢᠵᠤ ᠰᠢᠲᠠᠬᠤ ᠪᠠᠶᠢᠳᠠᠯ ᠭᠠᠷᠬᠤ ᠦᠭᠡᠢ ᠪᠠᠶᠢᠳᠠᠭ᠃    30.ᠤᠷᠤᠭᠤᠯ ᠬᠠᠭᠠᠷᠠᠭᠠᠳ ᠶᠡᠷᠤᠳᠡᠭᠡᠨ ᠰᠠᠶᠢᠨ ᠪᠣᠯᠬᠤ ᠦᠭᠡᠢ ᠪᠣᠯ ᠳᠠᠪᠤᠰᠤ ᠲᠦᠷᠬᠢᠪᠡᠯ ᠤᠳᠠᠬᠤ ᠴᠤ ᠦᠭᠡᠢ ᠡᠳᠡᠭᠡᠷᠡᠳᠡᠭ᠃                                                                     ᠲᠦᠮᠬᠠᠦ᠋ᠯᠵᠡᠢ
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号