ᠬᠡᠥᠭᠡᠳ ᠣᠶᠢᠯᠠᠩᠨᠠᠭᠠᠳ ᠪᠠᠶᠢᠪᠠᠯ ᠭᠠᠷ ᠤᠲᠠᠰᠤ ᠶᠤᠮ ᠤᠤ᠂ ipad ᠦᠭᠴᠦ ᠲᠠᠶᠢᠪᠤᠰᠢᠷᠠᠭᠤᠯᠳᠠᠭ ᠤᠤ︖ | ᠲᠡᠭᠡᠪᠡᠯ ᠲᠠ ᠳᠣᠣᠷᠠᠬᠢ ᠠᠷᠪᠠᠨ ᠲᠣᠭᠯᠠᠭᠤᠯᠬᠤ ᠦᠭᠡᠢ ᠪᠠᠶᠢᠬᠤ ᠰᠢᠯᠲᠠᠭᠠᠨ ᠢ ᠮᠡᠳᠡᠬᠦ ᠬᠡᠷᠡᠭᠲᠡᠢ᠃ ᠭᠠᠷ ᠤᠲᠠᠰᠤ | ᠵᠡᠷᠭᠡ ᠪᠠᠷ ᠡᠳᠦᠷ ᠲᠤ ᠳᠦᠷᠪᠡᠨ ᠴᠠᠭ ᠪᠣᠶᠣ ᠲᠡᠭᠦᠨ ᠠᠴᠠ ᠤᠷᠳᠤ ᠴᠠᠭ ᠲᠣᠭᠯᠠᠳᠠᠭ 3-5 ᠨᠠᠰᠤᠨ ᠤ | ᠬᠡᠥᠭᠡᠳ ᠤᠨ ᠬᠤᠪᠢ ᠳᠤ ᠮᠠᠰᠢ ᠬᠦᠨᠳᠦ ᠲᠦᠷᠤᠯ ᠤᠨ ᠬᠠᠷᠢᠯᠴᠠᠭᠠᠨ ᠤ ᠡᠮᠬᠡᠭ ᠲᠠᠢ ᠪᠣᠯᠬᠤ ᠮᠦᠷᠲᠡᠭᠡᠨ ᠦᠰᠦᠯᠲᠡ | ᠪᠣᠶᠢᠵᠢᠯᠲᠠ ᠨᠢ ᠤᠳᠠᠭᠠᠰᠢᠷᠠᠬᠤ ᠢᠯᠡᠷᠡᠯ ᠲᠠᠢ ᠪᠠᠶᠢᠳᠠᠭ᠃ ᠲᠡᠶᠢᠮᠦ ᠠᠴᠠ ᠡᠮᠴᠢ᠂ ᠮᠡᠷᠭᠡᠵᠢᠯᠲᠡᠳ ᠠᠴᠠ ᠡᠴᠢᠬᠡ | ᠡᠬᠡ ᠪᠣᠯᠤᠭᠰᠠᠳ ᠲᠤ ᠠᠷᠪᠠᠨ ᠬᠤᠶᠠᠷ ᠨᠠᠰᠤ ᠬᠦᠷᠬᠦ ᠠᠴᠠ ᠡᠮᠦᠨ᠎ᠡ ᠭᠠᠷ ᠤᠲᠠᠰᠤ ᠪᠣᠯᠤᠨ ᠪᠣᠰᠤᠳ ᠲᠦᠰᠲᠡᠢ | ᠲᠦᠭᠦᠭᠡᠷᠤᠮᠵᠢ ᠨᠦᠭᠦᠳ ᠠᠴᠠ ᠬᠤᠯᠠ ᠪᠠᠶᠢᠯᠭᠠᠬᠤ ᠶᠢ ᠤᠷᠢᠶᠠᠯᠠᠵᠤ ᠪᠠᠶᠢᠨ᠎ᠠ᠃ ᠡᠳᠡᠭᠡᠷ ᠠᠷᠪᠠᠨ ᠰᠢᠯᠲᠠᠭᠠᠨ ᠢ ᠵᠠᠪᠠᠯ | ᠮᠡᠳᠡᠵᠦ ᠠᠪᠬᠤ ᠬᠡᠷᠡᠭᠲᠡᠢ᠃ | ᠨᠢᠭᠡ᠂ ᠭᠠᠷ ᠤᠲᠠᠰᠤᠨ ᠤ ᠨᠦᠯᠦᠭᠡ ᠨᠢ 0-2 ᠨᠠᠰᠤᠨ ᠤ ᠬᠡᠥᠭᠡᠳ ᠤᠨ ᠲᠠᠷᠢᠬᠢᠨ ᠤ ᠲᠣᠭᠲᠠᠮᠠᠯ | ᠬᠦᠭᠵᠢᠯ ᠢ ᠰᠦᠷᠬᠦ ᠪᠠᠷ ᠨᠦᠯᠦᠭᠡᠯᠡᠳᠡᠭ᠃ | ᠬᠤᠶᠠᠷ᠂ ᠡᠳᠡᠭᠡᠷ ᠨᠢ ᠬᠦᠳᠡᠯᠭᠡᠭᠡᠨ ᠢ ᠬᠢᠵᠠᠭᠠᠷᠯᠠᠵᠤ ᠪᠡᠶ᠎ᠡ ᠶᠢᠨ ᠦᠰᠦᠯᠲᠡ ᠪᠣᠶᠢᠵᠢᠯᠲᠠ ᠶᠢ | ᠤᠳᠠᠭᠠᠰᠢᠷᠠᠭᠤᠯᠬᠤ ᠬᠦᠨᠦᠭᠡᠯ ᠲᠠᠢ᠃ | ᠭᠤᠷᠪᠠ᠂ ᠲᠧᠯᠸᠢᠰ᠂ ᠺᠣᠮᠫᠢᠦ᠋ᠲ᠋ᠧᠷ ᠨᠢ ᠬᠡᠥᠭᠡᠳ ᠢ ᠮᠠᠷᠢᠶ᠎ᠠ ᠲᠠᠢ ᠪᠣᠯᠭᠠᠳᠠᠭ᠃ | ᠳᠥᠷᠪᠡ᠂ ᠤᠨᠲᠠᠬᠤ ᠠᠴᠠ ᠪᠠᠨ ᠡᠮᠦᠨ᠎ᠡ ᠲᠧᠯᠸᠢᠰ᠂ ᠺᠣᠮᠫᠢᠦ᠋ᠲ᠋ᠧᠷ ᠦᠵᠡᠳᠡᠭ ᠬᠡᠥᠭᠡᠳ ᠨᠣᠶᠢᠷ ᠤᠨ | ᠳᠤᠲᠠᠭᠳᠠᠯ ᠳᠤ ᠣᠷᠤᠳᠠᠭ᠃ | ᠲᠠᠪᠤ᠂ ᠬᠡᠳᠤ ᠶᠡᠭᠡ ᠲᠧᠭᠨᠢᠦᠯᠦᠬᠢ ᠶᠢᠨ ᠬᠡᠷᠡᠭᠯᠡᠭᠡ ᠨᠢ ᠬᠤᠭᠤᠯᠠᠨ ᠤ ᠳᠤᠷᠠᠰᠢᠯ᠂ ᠠᠭᠠᠰᠢ ᠠᠪᠤᠷᠢ ᠶᠢ ᠨᠢ | ᠰᠦᠷᠬᠦ ᠪᠠᠷ ᠨᠦᠯᠦᠭᠡᠯᠡᠳᠡᠭ᠃ | ᠵᠢᠷᠭᠤᠭ᠎ᠠ᠂ ᠲᠣᠭᠯᠠᠭᠠᠮ᠂ ᠺᠢᠨᠣ᠋ ᠶᠢᠨ ᠳᠡᠭᠡᠷ᠎ᠡ ᠭᠠᠷᠳᠠᠭ ᠬᠦᠴᠤᠷᠭᠡᠭᠯᠡᠯ ᠨᠢ ᠬᠡᠥᠭᠡᠳ ᠢ ᠠᠭᠤᠷ ᠤᠴᠠᠭᠠᠷ ᠲᠠᠢ | ᠪᠣᠯᠭᠠᠵᠤ᠂ ᠰᠡᠳᠬᠢᠴᠡ ᠵᠦᠢ ᠶᠢᠨ ᠬᠤᠪᠢ ᠳᠤ ᠭᠡᠮ ᠡᠮᠬᠡᠭ ᠲᠠᠢ ᠪᠣᠯᠭᠠᠳᠠᠭ᠃ | ᠳᠣᠯᠤᠭ᠎ᠠ᠂ ᠬᠡᠳᠤ ᠶᠡᠭᠡ ᠲᠣᠭᠯᠠᠭᠠᠮ ᠤᠨ ᠵᠤᠶᠢᠯ᠂ ᠬᠡᠥᠬᠡᠯᠳᠡᠢ ᠵᠦᠴᠦᠭᠡ ᠦᠵᠡᠬᠦ ᠨᠢ ᠬᠡᠥᠭᠡᠳ ᠤᠨ ᠣᠢ | ᠰᠠᠨᠠᠮᠵᠢ᠂ ᠲᠦᠪᠯᠡᠷᠡᠬᠦ ᠴᠢᠳᠠᠪᠦᠷᠢ ᠶᠢ ᠪᠠᠭᠤᠷᠠᠭᠤᠯᠳᠠᠭ᠃ | ᠨᠠᠢᠮᠠ᠂ 8-18 ᠨᠠᠰᠤᠨ ᠤ ᠬᠡᠥᠭᠡᠳ ᠤᠳ ᠤᠨ 10% ᠨᠢ ᠲᠧᠭᠨᠢᠦᠯᠦᠬᠢ ᠶᠢᠨ ᠲᠦᠷᠤᠯ ᠪᠦᠷᠢ ᠶᠢᠨ | ᠬᠡᠷᠡᠭᠯᠡᠭᠡᠨ ᠳᠤ ᠬᠦᠴᠤᠲᠡᠢ ᠰᠢᠨᠦᠬᠠᠶᠢᠷᠠᠵᠤ ᠪᠠᠶᠢᠨ᠎ᠠ᠃ | ᠶᠢᠰᠤ᠂ ᠡᠯᠧᠺᠲᠷᠤᠨ ᠲᠦᠭᠦᠭᠡᠷᠤᠮᠵᠢ ᠠᠴᠠ ᠢᠯᠭᠠᠷᠠᠵᠤ ᠪᠣᠢ ᠰᠠᠴᠤᠷᠠᠭ ᠲᠤ ᠨᠦᠯᠦᠭᠡᠯᠡᠭᠳᠡᠳᠡᠭ᠃ | ᠠᠷᠪᠠ᠂ ᠲᠧᠭᠨᠢᠦᠯᠦᠬᠢ ᠶᠢᠨ ᠲᠤᠰᠠᠯᠠᠮᠵᠢ ᠲᠠᠢ ᠬᠦᠮᠦᠵᠢᠭᠰᠡᠨ᠂ ᠰᠤᠷᠤᠯᠴᠠᠭᠰᠠᠨ ᠬᠡᠥᠭᠡᠳ ᠤᠨ ᠮᠡᠳᠡᠯᠭᠡ | ᠲᠣᠭᠲᠠᠪᠤᠷᠢ ᠦᠭᠡᠢ᠃ |