ᠮᠣᠩᠭᠤᠯ ᠪᠦᠰᠡ ᠶᠢᠨ ᠵᠠᠩ ᠤᠶᠢᠯᠡ
ᠨᠡᠶᠢᠲᠡᠯᠡᠭᠰᠡᠨ ᠴᠠᠭ᠄
2017-04-10
     ᠮᠣᠩᠭᠤᠯ ᠪᠦᠰᠡ ᠪᠣᠯ ᠮᠣᠩᠭᠤᠯ ᠬᠤᠪᠴᠠᠰᠤ ᠶᠢᠨ ᠴᠢᠬᠤᠯᠠ ᠬᠡᠰᠡᠭ᠃ ᠲᠡᠷᠯᠢᠭ ᠡᠮᠦᠰᠬᠦ ᠳᠤ ᠪᠦᠰᠡᠯᠡᠭᠦᠷ ᠢᠶᠠᠷ ᠬᠡᠳᠤ ᠣᠷᠢᠶᠠᠳᠠᠭ ᠬᠡᠳᠦᠨ ᠠᠯᠲᠠ ᠤᠷᠲᠤ ᠪᠦᠰ ᠢ ᠪᠦᠰᠡ ᠭᠡᠨ᠎ᠡ᠃ ᠲᠡᠷᠯᠢᠭ ᠢᠶᠠᠨ ᠡᠮᠦᠰᠴᠦ ᠪᠦᠰᠡ ᠪᠠᠨ ᠴᠢᠩᠭᠠᠬᠠᠨ ᠪᠦᠰᠡᠯᠡᠭᠡᠳ ᠠᠳᠤᠭᠤ ᠮᠠᠯ ᠢᠶᠠᠨ ᠬᠠᠷᠢᠭᠤᠯᠬᠤ᠂ ᠠᠶᠠᠨ ᠵᠠᠮ ᠬᠦᠭᠡᠭᠡᠬᠦ ᠳᠤ ᠴᠢᠩᠭᠠᠯᠢᠭ᠂ ᠪᠡᠶ᠎ᠡ ᠳᠤ ᠲᠦᠰᠢᠭ ᠲᠠᠢ᠂ ᠡᠪᠯᠢᠭ ᠪᠠᠶᠢᠳᠠᠭ᠃ ᠮᠣᠷᠢ ᠤᠨᠤᠬᠤ ᠳᠤ ᠪᠦᠰᠡ ᠬᠦᠮᠦᠨ ᠤ ᠪᠡᠶ᠎ᠡ ᠶᠢ ᠬᠠᠮᠠᠭᠠᠯᠠᠬᠤ᠂ ᠳᠤᠯᠠᠭᠠᠯᠠᠬᠤ ᠤᠶᠢᠯᠡᠳᠤᠯ ᠲᠠᠢ᠂ ᠰᠠᠯᠬᠢ ᠵᠢᠪᠠᠷ ᠨᠡᠪᠲᠡᠷᠡᠬᠦ ᠦᠭᠡᠢ᠃ ︽ᠮᠠᠷᠺᠤ ᠫᠣᠯᠣ ᠶᠢᠨ ᠵᠢᠭᠤᠯᠴᠢᠯᠠᠯ ᠤᠨ ᠲᠡᠮᠲᠡᠭᠯᠡᠯ︾ ᠳᠤ ︽ᠲᠣᠬᠠᠢ ᠶᠢᠨ ᠦᠶ᠎ᠡ ᠶᠢᠨ ᠮᠣᠩᠭᠤᠯᠴᠤᠳ ᠭᠡᠳᠡᠰᠤ ᠪᠠᠷ ᠢᠶᠠᠨ ᠣᠷᠢᠶᠠᠵᠤ᠂ ᠲᠣᠯᠤᠭᠠᠢ ᠪᠠᠨ ᠴᠢᠩᠭ᠎ᠠ ᠪᠣᠭᠤᠭᠠᠳ ᠬᠠᠮᠤᠭ ᠬᠤᠷᠳᠤᠴᠠ ᠪᠠᠷ ᠲᠡᠭᠦᠯᠢᠨ ᠳᠠᠪᠬᠢᠭᠤᠯᠳᠠᠭ︾ ᠭᠡᠵᠤ ᠲᠡᠮᠲᠡᠭᠯᠡᠭᠰᠡᠨ ᠪᠠᠶᠢᠳᠠᠭ᠃            ᠪᠦᠰᠡ ᠶᠢᠨ ᠪᠡᠯᠭᠡᠳᠡᠯ ᠶᠣᠰᠤ      ᠡᠷᠬᠡ ᠮᠡᠳᠡᠯ ᠤᠨ ᠪᠡᠯᠭᠡᠳᠡᠯ — ᠮᠣᠩᠭᠤᠯᠴᠤᠳ ᠮᠠᠯᠠᠭᠠᠢ ᠪᠣᠶᠣ ᠪᠦᠰᠡ ᠶᠢ ᠬᠦᠮᠦᠨ ᠤ ᠰᠦᠨᠡᠰᠦ᠂ ᠡᠷᠬᠡ ᠮᠡᠳᠡᠯ ᠤᠨ ᠪᠡᠯᠭᠡᠳᠡᠯ ᠭᠡᠵᠦ ᠦᠵᠡᠳᠡᠭ᠃ ︽ᠮᠣᠩᠭᠤᠯ ᠤᠨ ᠨᠢᠭᠤᠴᠠ ᠲᠣᠪᠴᠢᠶᠠᠨ︾ ᠳᠤ ︽ᠴᠢᠩᠬᠢᠰ ᠬᠠᠭᠠᠨ ᠪᠣᠷᠬᠠᠨ ᠬᠠᠯᠳᠤᠨ ᠠᠭᠤᠯᠠᠨ ᠳᠤ ᠭᠠᠷᠴᠤ᠂ ᠰᠠᠴᠤᠯᠢ ᠡᠷᠭᠦᠬᠦ ᠳᠤ ᠪᠠᠨ ᠪᠦᠰᠡ ᠪᠠᠨ ᠬᠦᠵᠦᠭᠦᠨ ᠳᠡᠭᠡᠨ ᠡᠭᠡᠯᠳᠦᠷᠭᠡᠯᠡᠵᠦ᠂ ᠮᠠᠯᠠᠭᠠᠢ ᠪᠠᠨ ᠭᠠᠷ ᠲᠤ ᠪᠠᠨ ᠰᠡᠭᠡᠯᠳᠦᠷᠭᠡᠯᠡᠵᠦ ᠪᠠᠶᠢᠯ᠎ᠠ︾ ᠭᠡᠵᠦ ᠲᠡᠮᠲᠡᠭᠯᠡᠭᠰᠡᠨ ᠤ ᠤᠴᠢᠷ ᠨᠢ ᠮᠠᠯᠠᠭᠠᠢ ᠪᠠ ᠪᠦᠰᠡ ᠨᠢ ᠬᠦᠮᠦᠨ ᠤ ᠵᠢᠷᠤᠬᠡ ᠪᠣᠯᠤᠨ ᠲᠣᠯᠤᠭᠠᠢ ᠶᠢᠨ ᠬᠡᠰᠡᠭ ᠲᠤ ᠪᠠᠶᠢᠳᠠᠭ ᠠᠴᠠ ᠰᠦᠨᠡᠰᠦ ᠬᠡᠶᠢᠮᠣᠷᠢ ᠶᠢᠨ ᠪᠡᠯᠭᠡᠳᠡᠯ ᠲᠡᠮᠲᠡᠭ ᠪᠣᠯᠵᠤ ᠪᠠᠶᠢᠭ᠎ᠠ ᠶᠢ ᠢᠯᠡᠷᠬᠡᠶᠢᠯᠡᠵᠦ ᠪᠣᠢ᠃ ︽ᠮᠣᠩᠭᠤᠯ ᠤᠨ ᠨᠢᠭᠤᠴᠠ ᠲᠣᠪᠴᠢᠶᠠᠨ︾ ᠳᠤ ᠪᠠᠰᠠ ᠴᠢᠩᠬᠢᠰ ᠬᠠᠭᠠᠨ ᠨᠢᠭᠡ ᠤᠳᠠᠭ᠎ᠠ ᠳᠡᠭᠦᠦ ᠬᠠᠰᠠᠷ ᠯᠤᠭ᠎ᠠ ᠪᠠᠨ ᠵᠦᠷᠢᠴᠡᠯᠳᠦᠨ ᠠᠭᠤᠷᠯᠠᠬᠤ ᠳᠤ ᠪᠠᠨ ᠪᠠᠷᠢᠵᠤ ᠠᠪᠤᠭᠠᠳ ᠮᠠᠯᠠᠭᠠᠢ ᠪᠣᠯᠤᠨ ᠪᠦᠰᠡ ᠶᠢ ᠨᠢ ᠠᠪᠴᠠᠢ᠃ ᠡᠵᠢ ᠨᠢ ᠮᠡᠳᠡᠭᠡᠳ ᠰᠦᠨᠢ ᠲᠣᠷᠰᠢ ᠶᠠᠪᠤᠵᠤ᠂ ᠦᠪᠡᠷ ᠢᠶᠠᠨ ᠬᠠᠰᠠᠷ ᠤᠨ ᠬᠦᠯᠢᠶᠡᠰᠤ ᠶᠢ ᠲᠠᠶᠢᠯᠵᠤ᠂ ᠮᠠᠯᠠᠭᠠᠢ ᠪᠦᠰᠡ ᠶᠢ ᠨᠢ ᠬᠠᠰᠠᠷ ᠲᠤ ᠡᠭᠡᠭᠦᠯᠵᠦ ᠦᠭᠭᠦᠭᠰᠡᠨ ᠭᠡᠵᠦ ᠲᠡᠮᠲᠡᠭᠯᠡᠭᠰᠡᠨ ᠪᠠᠶᠢᠳᠠᠭ᠃ ᠬᠦᠮᠦᠨ ᠤ ᠪᠦᠰᠡ ᠪᠣᠯᠤᠨ ᠮᠠᠯᠠᠭᠠᠢ ᠶᠢ ᠠᠪᠤᠪᠠᠯ ᠡᠷᠬᠡ ᠮᠡᠳᠡᠯ ᠢ ᠨᠢ ᠬᠠᠰᠤᠭᠰᠠᠨ ᠳᠤ ᠲᠣᠭᠠᠴᠠᠭᠳᠠᠳᠠᠭ ᠠᠵᠢ᠃      ᠠᠷᠢᠭᠤᠨ ᠳᠠᠷᠬᠠᠨ ᠤ ᠪᠡᠯᠭᠡᠳᠡᠯ — ᠮᠣᠩᠭᠤᠯᠴᠤᠳ ᠪᠦᠰᠡ ᠪᠠᠨ ᠲᠤᠩ ᠬᠦᠨᠳᠦᠳᠭᠡᠵᠦ᠂ ᠡᠩ ᠤᠨ ᠪᠠᠶᠢᠳᠠᠯ ᠳᠤ ᠪᠦᠰᠡ ᠪᠠᠨ ᠲᠠᠶᠢᠯᠳᠠᠭ ᠦᠭᠡᠢ᠃ ᠪᠦᠰᠡ ᠪᠠᠨ ᠲᠠᠶᠢᠯᠪᠠᠯ ᠴᠠᠭᠠᠷᠢᠭᠯᠠᠨ ᠡᠪᠬᠡᠵᠦ᠂ ᠬᠠᠨ᠎ᠠ ᠶᠢᠨ ᠲᠣᠯᠤᠭᠠᠢ ᠪᠣᠶᠣ ᠠᠪᠳᠠᠷ᠎ᠠ ᠬᠤᠷᠭᠤᠨ ᠳᠡᠭᠡᠷ᠎ᠡ ᠪᠠᠨ ᠲᠠᠯᠪᠢᠳᠠᠭ᠃ ᠪᠦᠰᠡ ᠶᠢᠨ ᠳᠡᠭᠡᠭᠦᠷ ᠠᠯᠬᠤᠬᠤ᠂ ᠭᠢᠰᠬᠢᠬᠦ ᠶᠢ ᠶᠡᠭᠡ ᠴᠡᠭᠡᠷᠯᠡᠳᠡᠭ ᠪᠦᠭᠡᠳ ᠪᠣᠰᠤᠳ ᠬᠦᠮᠦᠨ ᠪᠦᠰᠡ ᠶᠢᠨ ᠬᠢᠨᠢ ᠳᠡᠭᠡᠭᠦᠷ ᠠᠯᠬᠤᠬᠤ᠂ ᠳᠡᠭᠡᠷ᠎ᠡ ᠨᠢ ᠭᠢᠰᠬᠢᠬᠦ ᠶᠢ ᠳᠣᠷᠤᠮᠵᠢᠯᠠᠵᠤ ᠪᠠᠶᠢᠨ᠎ᠠ ᠭᠡᠵᠦ ᠦᠵᠡᠳᠡᠭ᠃      ᠪᠡᠶ᠎ᠡ ᠰᠦᠨᠡᠰᠦᠨ ᠤ ᠪᠡᠯᠭᠡᠳᠡᠯ — ᠮᠣᠩᠭᠤᠯᠴᠤᠳ ᠳᠡᠪᠡᠯ ᠢᠶᠠᠨ ᠡᠮᠦᠰᠴᠦ᠂  ᠪᠦᠰᠡ ᠪᠠᠨ ᠴᠢᠪᠬᠢᠲᠡᠯ᠎ᠡ ᠪᠦᠰᠡᠯᠡᠵᠦ᠂ ᠮᠣᠷᠢᠨ ᠳᠤ ᠪᠠᠨ ᠮᠣᠷᠳᠠᠪᠠᠯ ᠴᠤᠭ ᠰᠦᠯᠳᠡ ᠨᠢ ᠪᠠᠳᠠᠷᠠᠨ᠂ ᠵᠢᠪᠬᠤᠭ᠎ᠠ ᠲᠡᠭᠦᠯᠳᠡᠷ ᠪᠣᠯᠳᠠᠭ᠃ ᠪᠦᠰᠡ ᠶᠢ ᠡᠷ᠎ᠡ ᠬᠦᠮᠦᠨ ᠤ ᠪᠡᠶ᠎ᠡ ᠰᠦᠨᠡᠰᠦ ᠭᠡᠵᠦ ᠦᠵᠡᠨ ᠴᠢᠬᠤᠯᠠᠴᠢᠯᠠᠳᠠᠭ᠃ ᠡᠶᠢᠮᠦ ᠠᠴᠠ ᠮᠣᠩᠭᠤᠯᠴᠤᠳ ᠠᠨᠳᠠ ᠨᠠᠶᠢᠵᠢ ᠪᠣᠯᠤᠯᠴᠠᠵᠤ᠂ ᠠᠬ᠎ᠠ ᠳᠡᠭᠦᠦ ᠪᠠᠷᠢᠯᠳᠤᠬᠤ ᠳᠤ ᠪᠠᠨ ᠪᠦᠰᠡ ᠪᠠᠨ ᠰᠣᠯᠢᠯᠴᠠᠵᠤ᠂ ᠪᠡᠶ᠎ᠡ ᠰᠦᠨᠡᠰᠦ ᠨᠢᠭᠡᠲᠦᠯ᠎ᠡ ᠭᠡᠵᠦ ᠲᠠᠩᠭᠠᠷᠢᠭ ᠪᠣᠯᠭᠠᠳᠠᠭ ᠵᠠᠩᠰᠢᠯ ᠲᠠᠢ᠃ ︽ᠮᠣᠩᠭᠤᠯ ᠤᠨ ᠨᠢᠭᠤᠴᠠ ᠲᠣᠪᠴᠢᠶᠠᠨ︾ ᠳᠤ ︽ᠲᠡᠮᠦᠵᠢᠨ ᠵᠠᠮᠤᠬ᠎ᠠ ᠬᠤᠶᠠᠭᠤᠯᠠ ᠠᠨᠳᠠ ᠪᠣᠯᠤᠯᠴᠠᠬᠤ ᠳᠤ ᠪᠠᠨ ᠬᠠᠷᠢᠴᠠᠨ ᠪᠦᠰᠡ ᠪᠠᠨ ᠪᠦᠰᠡᠯᠡᠭᠦᠯᠦᠨ ᠠᠨᠳᠠᠭᠠᠶᠢᠯᠠᠵᠠᠢ︾ ᠭᠡᠵᠦ ᠲᠡᠮᠲᠡᠭᠯᠡᠭᠰᠡᠨ ᠪᠠᠶᠢᠨ᠎ᠠ᠃            ᠪᠦᠰᠡ ᠪᠦᠰᠡᠯᠡᠬᠦ ᠵᠠᠩ ᠤᠶᠢᠯᠡ      ᠡᠷᠡᠭᠲᠡᠶᠢᠴᠦᠳ ᠤᠨ ᠪᠦᠰᠡ ᠤᠷᠲᠤ ᠪᠦᠭᠡᠳ ᠦᠷᠭᠡᠨ᠂ ᠡᠮᠡᠭᠲᠡᠶᠢᠴᠦᠳ ᠤᠨ ᠪᠦᠰᠡ ᠣᠬᠤᠷ ᠪᠦᠭᠡᠳ ᠪᠣᠭᠤᠨᠢᠬᠠᠨ᠃ ᠭᠡᠬᠦ ᠳᠡᠭᠡᠨ ᠬᠡᠴᠢᠨᠡᠨ ᠣᠬᠤᠷ ᠪᠠᠶᠢᠭᠰᠠᠨ ᠴᠤ ᠪᠦᠰᠡᠯᠡᠭᠦᠷ ᠢᠶᠠᠷ ᠭᠤᠷᠪᠠ ᠣᠷᠢᠶᠠᠵᠤ ᠬᠦᠷᠬᠦ ᠬᠡᠷᠡᠭᠲᠡᠢ ᠠᠵᠢ᠃ ᠡᠷᠡᠭᠲᠡᠶᠢᠴᠦᠳ ᠪᠦᠰᠡ ᠪᠠᠨ ᠪᠡᠯᠭᠡᠭᠦᠰᠦ ᠪᠠᠷ ᠢᠶᠠᠨ ᠱᠠᠪ ᠬᠢᠲᠡᠯ᠎ᠡ ᠴᠢᠩᠭ᠎ᠠ ᠪᠦᠭᠡᠳ ᠦᠷᠭᠡᠨ ᠪᠦᠰᠡᠯᠡᠨ᠎ᠡ᠃ ᠡᠮᠡᠭᠲᠡᠶᠢᠴᠦᠳ ᠨᠢᠷᠤᠭᠤ ᠪᠠᠷ ᠢᠶᠠᠨ ᠨᠠᠷᠢᠬᠠᠨ ᠰᠢᠭ᠋ ᠪᠦᠰᠡᠯᠡᠨ᠎ᠡ᠃ ᠡᠷᠡᠭᠲᠡᠶᠢᠴᠦᠳ ᠭᠤᠣᠯᠳᠠᠭᠤ ᠬᠠᠷ᠎ᠠ᠂ ᠬᠦᠬᠡ᠂ ᠬᠦᠷᠡᠩ ᠦᠩᠭᠡ ᠶᠢᠨ ᠪᠦᠰᠡ ᠪᠦᠰᠡᠯᠡᠵᠦ᠂ ᠡᠮᠡᠭᠲᠡᠶᠢᠴᠦᠳ ᠣᠯᠠᠩᠬᠢ ᠳᠤ ᠪᠠᠨ ᠨᠣᠭᠤᠭᠠᠨ᠂ ᠬᠠᠷ᠎ᠠ ᠨᠣᠭᠤᠭᠠᠨ᠂ ᠶᠠᠭᠠᠨ ᠵᠡᠷᠭᠡ ᠦᠩᠭᠡ ᠶᠢᠨ ᠪᠦᠰᠡ ᠪᠦᠰᠡᠯᠡᠳᠡᠭ᠃ ᠪᠦᠰᠡ ᠪᠠᠨ ᠪᠣᠰᠤᠳ ᠤᠨ ᠡᠬᠡᠨᠡᠷ ᠢᠶᠠᠷ ᠪᠦᠰᠡᠯᠡᠭᠦᠯᠬᠦ ᠪᠣᠶᠣ ᠨᠠᠷᠠ ᠪᠣᠷᠤᠭᠤ ᠡᠷᠬᠢᠨ ᠣᠷᠢᠶᠠᠬᠤ ᠶᠢ ᠴᠡᠭᠡᠷᠯᠡᠳᠡᠭ᠃      ᠡᠷᠡᠭᠲᠡᠢ ᠬᠦᠮᠦᠨ ᠲᠡᠷᠯᠢᠭ ᠡᠮᠦᠰᠪᠡᠯ ᠵᠠᠪᠠᠯ ᠪᠦᠰᠡ ᠪᠦᠰᠡᠯᠡᠬᠦ ᠬᠡᠷᠡᠭᠲᠡᠢ᠂ ᠪᠦᠰᠡ ᠪᠦᠰᠡᠯᠡᠬᠦ ᠦᠭᠡᠢ ᠪᠣᠯ ᠰᠤᠯᠠ ᠵᠠᠳᠠᠭᠠᠢ ᠬᠦᠮᠦᠨ ᠳᠤ ᠲᠣᠭᠠᠴᠠᠭᠳᠠᠨ᠎ᠠ᠃ ᠤᠷᠤᠭᠯᠠᠭᠰᠠᠨ ᠡᠮᠡᠭᠲᠡᠢ ᠬᠦᠮᠦᠨ ᠡᠩ ᠤᠨ ᠪᠠᠶᠢᠳᠠᠯ ᠳᠤ ᠪᠦᠰᠡ ᠪᠦᠰᠡᠯᠡᠬᠦ ᠦᠭᠡᠢ᠂ ᠬᠠᠷᠢ ᠳᠤ ᠮᠣᠷᠳᠠᠭ᠎ᠠ ᠦᠭᠡᠢ ᠬᠡᠥᠬᠡᠨ ᠡᠷ᠎ᠡ ᠬᠦᠮᠦᠨ ᠰᠢᠭ ᠢᠮᠠᠭᠲᠠ ᠪᠦᠰᠡ ᠪᠦᠰᠡᠯᠡᠬᠦ ᠬᠡᠷᠡᠭᠲᠡᠢ᠃      ᠪᠦᠰᠡ ᠶᠢ ᠠᠭᠰᠠᠵᠤ ᠪᠦᠰᠡᠯᠡᠪᠡᠯ ᠮᠣᠷᠢ ᠤᠨᠤᠵᠤ ᠠᠶᠠᠯᠠᠬᠤ ᠳᠤ ᠮᠠᠰᠢ ᠳᠦᠭᠦᠮ ᠶᠤᠮ᠃ ᠭᠠᠷ ᠦᠵᠦᠭᠦᠷ ᠬᠡᠷᠡᠭᠰᠡᠬᠦ ᠠᠶᠠᠭ᠎ᠠ ᠰᠠᠪᠬ᠎ᠠ᠂ ᠡᠳᠦᠷ ᠤᠨ ᠬᠦᠨᠡᠰᠦ᠂ ᠠᠯᠴᠢᠭᠤᠷ ᠵᠡᠷᠭᠡ ᠪᠠᠨ ᠴᠢᠪᠬᠢᠲᠡᠯ᠎ᠡ ᠪᠦᠰᠡᠯᠡᠭᠰᠡᠨ ᠳᠡᠪᠡᠯ ᠤᠨ ᠢᠶᠠᠨ ᠡᠪᠦᠷ ᠲᠤ ᠬᠢᠭᠡᠳ ᠶᠠᠪᠤᠬᠤ ᠳᠤ ᠮᠠᠰᠢ ᠲᠣᠬᠢᠲᠠᠢ ᠪᠠᠶᠢᠳᠠᠭ᠃ ᠡᠨᠡ ᠨᠢ ᠮᠠᠯᠵᠢᠬᠤ ᠠᠮᠢᠳᠤᠷᠠᠯ ᠳᠤ ᠮᠠᠰᠢ ᠵᠣᠬᠢᠴᠠᠭᠰᠠᠨ ᠪᠠ  ᠮᠣᠩᠭᠤᠯᠴᠤᠳ ᠶᠠᠭᠤᠮ᠎ᠠ ᠡᠪᠦᠷᠯᠡᠵᠦ ᠶᠠᠪᠤᠬᠤ ᠶᠢ ᠶᠡᠭᠡ ᠬᠡᠰᠢᠭ ᠲᠠᠢ ᠭᠡᠵᠦ ᠦᠵᠡᠳᠡᠭ᠃                                                                        ᠰᠤᠷᠤᠨ᠎ᠠ
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号