1.ᠬᠠᠭᠰᠠᠭᠠᠬᠤ ᠵᠣᠤᠬ᠎ᠠ ᠶᠢᠨ ᠳᠣᠳᠤᠷᠠᠬᠢ ᠪᠣᠷᠳᠠᠭ ᠪᠣᠳᠠᠰ ᠢ ᠠᠷᠢᠯᠭᠠᠶ᠎ᠠ ᠭᠡᠪᠡᠯ ᠵᠣᠤᠬ᠎ᠠ ᠪᠠᠨ ᠪᠦᠯᠢᠶᠡᠨ | ᠪᠠᠶᠢᠬᠤ ᠦᠶ᠎ᠡ ᠳᠤ ᠳᠡᠭᠡᠷ᠎ᠡ ᠨᠢ ᠳᠠᠪᠤᠰᠤ ᠰᠠᠴᠤᠵᠤ᠂ ᠬᠦᠷᠤᠭ᠍ᠰᠡᠨ ᠤ ᠳᠠᠷᠠᠭ᠎ᠠ ᠳᠠᠬᠢᠨ ᠨᠣᠶᠢᠲᠠᠨ ᠬᠠᠶᠢᠮᠢᠶᠠᠨ ᠢᠶᠠᠷ | ᠵᠦᠯᠭᠦᠪᠡᠯ ᠭᠬᠢᠷ ᠪᠣᠷᠳᠠᠭ ᠨᠢ ᠠᠷᠢᠯᠴᠢᠬᠠᠨ᠎ᠠ᠃ | 2.ᠭᠠᠷ ᠤᠨ ᠠᠷᠠᠰᠤ ᠠᠮᠠᠷᠬᠠᠨ ᠬᠠᠭᠤᠷᠠᠶᠢᠰᠢᠵᠤ ᠠᠷᠵᠠᠶᠢᠪᠠᠯ᠂ ᠽᠣᠣ ᠲᠠᠢ ᠤᠰᠤᠨ ᠳᠤ ᠠᠷᠪᠠᠭᠠᠳ ᠮᠢᠨᠦ᠋ᠲ | ᠭᠠᠷ ᠢᠶᠠᠨ ᠳᠡᠪᠲᠦᠭᠡᠪᠡᠯ ᠠᠷᠠᠰᠤ ᠶᠢ ᠭᠤᠸᠠᠵᠢᠭᠤᠯᠳᠠᠭ᠃ | 3.ᠵᠤᠨ ᠤ ᠤᠯᠠᠷᠢᠯ ᠳᠤ ᠲᠦᠪᠡᠳ ᠬᠠᠰᠢ ᠶᠢ ᠴᠢᠨᠠᠭᠠᠳ ᠱᠦᠯᠦ ᠶᠢ ᠨᠢ ᠢᠯᠡᠭᠦᠬᠡᠨ ᠤᠤᠭᠤᠪᠠᠯ ᠰᠢᠮ᠎ᠡ | ᠲᠡᠵᠢᠭᠡᠯ ᠨᠦᠬᠦᠪᠦᠷᠢᠯᠡᠵᠦ ᠴᠢᠳᠠᠨ᠎ᠠ᠃ ᠲᠦᠪᠡᠳ ᠬᠠᠰᠢ ᠶᠢᠨ ᠤᠯᠠᠭᠠᠨ ᠡᠳ᠋ ᠨᠢ ᠤᠷᠢᠳᠤ ᠪᠣᠯᠴᠢᠷᠬᠠᠢ ᠶᠢᠨ ᠦᠮᠡᠨ | ᠡᠪᠡᠳᠴᠢᠨ ᠢ ᠡᠰᠡᠷᠭᠦᠴᠡᠬᠦ ᠪᠠ ᠵᠢᠷᠦᠬᠡᠨ ᠪᠣᠯᠴᠢᠩ ᠢ ᠬᠠᠮᠠᠭᠠᠯᠠᠬᠤ ᠤᠶᠢᠯᠡᠳᠦᠯ ᠲᠠᠢ ᠤᠴᠢᠷ ᠠᠴᠠ ᠡᠷᠡᠭᠲᠡᠢ ᠬᠦᠮᠤᠰ | ᠲᠤ ᠬᠠᠮᠤᠭ ᠲᠣᠬᠢᠷᠠᠮᠵᠢᠲᠠᠢ ᠪᠠᠶᠢᠳᠠᠭ᠃ | 4.ᠳᠡᠩᠳᠡᠭᠦᠣ ᠲᠣᠰᠤᠯᠢᠭ ᠬᠤᠭᠤᠯᠠ ᠪᠣᠳᠠᠭ᠎ᠠ ᠢᠳᠡᠭᠰᠡᠨ ᠤ ᠳᠠᠷᠠᠭ᠎ᠠ ᠴᠠᠢ ᠤᠤᠭᠤᠪᠠᠯ ᠠᠶᠠᠨᠳᠠᠭᠠᠨ ᠵᠢᠭᠲᠡ | ᠬᠡᠮᠯᠡᠯᠲᠤ ᠮᠡᠳᠡᠷᠡᠯ ᠳᠤ ᠰᠡᠳᠡᠯᠲᠡ ᠦᠭᠴᠦ᠂ ᠦᠬᠡᠬᠦ ᠶᠢᠨ ᠪᠣᠳᠠᠰ ᠤᠨ ᠰᠣᠯᠢᠯᠴᠠᠭ᠎ᠠ ᠶᠢ ᠲᠦᠷᠭᠡᠳᠭᠡᠵᠦ ᠴᠢᠳᠠᠨ᠎ᠠ᠃ | 5.ᠬᠦᠯ ᠠᠴᠠ ᠠᠮᠠᠷᠬᠠᠨ ᠬᠦᠯᠦᠰᠤ ᠭᠠᠷᠪᠠᠯ᠂ ᠣᠷᠤᠢ ᠪᠣᠯᠭᠠᠨ ᠳᠠᠪᠤᠰᠤ ᠲᠠᠢ ᠤᠰᠤ ᠪᠠᠷ ᠬᠦᠯ ᠢᠶᠠᠨ | ᠳᠡᠪᠲᠦᠭᠡᠪᠡᠯ ᠰᠢᠪᠡᠷᠢ ᠶᠢ ᠠᠷᠢᠯᠭᠠᠬᠤ ᠳᠤ ᠲᠤᠰᠠᠲᠠᠢ᠃ | 6.ᠤᠰᠤᠨ ᠳᠤ ᠤᠮᠪᠠᠭᠠᠳ ᠨᠠᠷᠠᠨ ᠳᠤ ᠡᠭᠡᠭᠡᠪᠡᠯ ᠪᠣᠯᠴᠢᠩ ᠠᠷᠠᠰᠤᠨ ᠤ ᠶᠠᠳᠠᠷᠠᠭ᠎ᠠ ᠡᠪᠡᠳᠴᠢᠨ ᠠᠴᠠ | ᠰᠡᠷᠭᠡᠶᠢᠯᠡᠵᠦ ᠴᠢᠳᠠᠨ᠎ᠠ᠃ | 7.ᠪᠡᠶ᠎ᠡ ᠶᠢᠨ ᠠᠯᠢ ᠨᠢᠭᠡ ᠬᠡᠰᠡᠭ ᠭᠠᠵᠠᠷ ᠤᠨ ᠠᠷᠠᠰᠤ ᠮᠢᠬ᠎ᠠ ᠪᠠᠭ᠎ᠠ ᠬᠡᠮᠵᠢᠶᠡᠨ ᠤ ᠰᠢᠲᠡᠵᠦ ᠰᠢᠷᠬᠠᠳᠤᠬᠤ | ᠦᠶᠡᠰ ᠪᠠᠭ᠎ᠠ ᠰᠠᠭ᠎ᠠ ᠶᠠᠭᠤᠤ ᠲᠦᠷᠬᠢᠪᠡᠯ ᠡᠪᠡᠳᠬᠦ ᠶᠢ ᠵᠣᠭᠰᠤᠭᠠᠬᠤ ᠪᠦᠭᠡᠳ ᠪᠠᠰᠠ ᠴᠢᠰᠤ ᠶᠢ ᠵᠣᠭᠰᠤᠭᠠᠬᠤ | ᠤᠶᠢᠯᠡᠳᠦᠯ ᠲᠠᠢ᠃ | 8.ᠠᠮᠠᠨ ᠬᠦᠨᠳᠡᠢ ᠳᠤ ᠰᠢᠷᠬᠠᠯᠠᠭ᠎ᠠ ᠲᠠᠢ ᠪᠣᠯᠪᠠᠯ ᠸᠢᠲ᠋ᠠᠮᠢᠨ C ᠢ ᠰᠢᠷᠬᠠᠯᠠᠭ᠎ᠠ ᠳᠡᠭᠡᠷ᠎ᠡ ᠨᠠᠭᠠᠯᠳᠤᠭᠤᠯᠵᠤ᠂ | ᠸᠢᠲ᠋ᠠᠮᠢᠨ C ᠠᠭᠤᠰᠬᠤ ᠦᠶᠡᠰ ᠰᠢᠷᠬᠠᠯᠠᠭ᠎ᠠ ᠨᠢ ᠦᠨᠳᠤᠰᠤᠨ ᠳᠡᠭᠡᠨ ᠰᠠᠶᠢᠨ ᠪᠣᠯᠳᠠᠭ᠃ | 9.ᠭᠠᠷ ᠤᠨ ᠪᠠᠭᠤᠣ ᠨᠢ ᠪᠦᠳᠦᠭᠦᠨ ᠬᠦᠮᠤᠰ ᠪᠠᠭᠤᠪᠴᠢ ᠵᠡᠭᠦᠬᠦ ᠳᠤ ᠬᠦᠴᠢᠷᠳᠡᠳᠡᠭ᠃ ᠡᠭᠦᠨ ᠳᠤ ᠭᠠᠷ | ᠲᠠᠭᠠᠨ ᠰᠦᠯᠢᠶᠣᠣ ᠤᠭᠤᠲᠠ ᠤᠭᠯᠠᠭᠠᠳ ᠪᠠᠭᠤᠪᠴᠢ ᠵᠡᠭᠦᠪᠡᠯ ᠠᠮᠠᠷᠬᠠᠨ ᠮᠦᠷᠲᠡᠭᠡᠨ ᠲᠤᠰ ᠠᠷᠭ᠎ᠠ ᠪᠠᠷ | ᠪᠠᠭᠤᠣ ᠪᠠᠨ ᠠᠪᠴᠤ ᠭᠠᠷᠭᠠᠬᠤ ᠳᠤ ᠴᠤ ᠬᠢᠯᠪᠠᠷᠬᠠᠨ ᠪᠠᠶᠢᠳᠠᠭ᠃ |