ᠬᠦᠮᠦᠰ ᠣᠯᠠᠩᠬᠢ ᠳᠠᠭᠠᠨ ᠰᠡᠳᠭᠢᠯ ᠰᠠᠨᠠᠭ᠎ᠠ ᠲᠠᠪᠠ ᠦᠭᠡᠢ᠂ ᠠᠭᠤᠷᠯᠠᠵᠤ ᠪᠣᠬᠢᠨᠢᠳᠤᠭᠰᠠᠨ᠂ ᠭᠤᠮᠤᠳᠠᠵᠤ | ᠭᠠᠴᠢᠭᠳᠠᠭᠰᠠᠨ ᠦᠶ᠎ᠡ ᠳᠡᠭᠡᠨ ᠤᠬᠢᠯᠠᠳᠠᠭ ᠪᠣᠯᠬᠤᠷ ᠨᠢᠯᠪᠤᠰᠤ ᠶᠢ ᠭᠤᠣᠯᠳᠠᠭᠤ ᠪᠡᠷᠬᠡᠰᠢᠶᠡᠯ ᠵᠣᠪᠠᠯᠠᠩ ᠲᠠᠢ ᠬᠤᠯᠪᠤᠨ | ᠲᠦᠰᠦᠭᠯᠡᠵᠦ᠂ ᠬᠠᠷᠢᠨ ᠢᠨᠢᠶᠡᠮᠰᠦᠭᠯᠡᠯ ᠢᠨᠢᠶᠡᠳᠦ ᠶᠢ ᠪᠠᠶᠠᠷ ᠪᠠᠶᠠᠰᠬᠤᠯᠠᠩ ᠲᠠᠢ ᠬᠤᠯᠪᠤᠳᠠᠭ᠃ ᠶᠡᠷᠦᠨᠢ ᠤᠷᠮ᠎ᠠ | ᠦᠭᠡᠢ ᠨᠢᠭᠡᠨ ᠢᠶᠠᠨ ︽ᠪᠠᠶᠠᠷ ᠲᠠᠢ ᠤᠴᠢᠷ ᠢᠶᠠᠨ ᠢᠯᠡᠭᠦᠭᠡᠨ ᠪᠣᠳᠤᠵᠤ ᠶᠠᠪᠤᠭᠠᠷᠠᠢ︾᠂ ︽ᠭᠤᠨᠢᠭ ᠵᠣᠪᠠᠯᠠᠩ ᠢᠶᠠᠨ | ᠮᠠᠷᠲᠠ᠂ ᠢᠨᠢᠶᠡᠮᠰᠦᠭᠯᠡᠵᠦ ᠶᠠᠪᠤᠭᠠᠷᠠᠢ︾ ᠬᠡᠮᠡᠨ ᠲᠠᠶᠢᠳᠬᠤᠷᠠᠭᠤᠯᠳᠠᠭ ᠠᠴᠠ ᠪᠢᠰᠢ ︽ᠤᠬᠢᠯᠠ᠂ ᠰᠠᠶᠢᠨ | ᠤᠬᠢᠯᠠᠭᠠᠷᠠᠢ︾ ᠭᠡᠳᠡᠭ ᠨᠢ ᠬᠤᠪᠤᠷ ᠪᠢᠯᠡ᠃ ᠢᠨᠢᠶᠡᠮᠰᠦᠭᠯᠡᠯ ᠨᠢ ᠦᠪᠡᠷᠲᠡᠭᠡᠨ ᠢᠳᠡᠭᠡᠯ ᠲᠠᠢ᠂ ᠡᠷᠡᠭᠦᠯ ᠰᠠᠷᠠᠭᠤᠯ | ᠪᠠᠶᠢᠬᠤ ᠶᠢ ᠢᠯᠡᠳᠭᠡᠳᠡᠭ᠃ ᠲᠡᠷᠡᠴᠢᠯᠡᠨ ᠢᠨᠢᠶᠡᠮᠰᠦᠭᠯᠡᠬᠦ ᠳᠤ ᠡᠷᠬᠢᠬᠦ ᠳᠣᠬᠢᠶ᠎ᠠ ᠣᠴᠢᠵᠤ᠂ ᠴᠢᠨᠠᠭᠰᠢᠲᠠ ᠪᠦᠬᠦ ᠪᠡᠶ᠎ᠡ | ᠮᠠᠬᠠᠪᠤᠳ ᠨᠢ ︽ᠪᠣᠯᠵᠤ ᠪᠠᠶᠢᠨ᠎ᠠ︾ ᠭᠡᠰᠡᠨ ᠳᠣᠬᠢᠶ᠎ᠠ ᠬᠦᠯᠢᠶᠠᠨ ᠠᠪᠤᠭᠰᠠᠨ ᠠᠴᠠ ᠲᠠᠶᠢᠪᠤᠰᠢᠷᠠᠵᠤ᠂ ᠴᠡᠪᠡᠷᠰᠢᠳᠡᠭ | ᠭᠡᠨ᠎ᠡ᠃ ᠲᠡᠶᠢᠮᠦ ᠠᠴᠠ ᠤᠷᠮ᠎ᠠ ᠦᠭᠡᠢ ᠦᠶ᠎ᠡ ᠳᠡᠭᠡᠨ ᠢᠨᠢᠶᠡᠮᠰᠦᠭᠯᠡᠬᠦ ᠨᠢ ᠪᠠᠰᠠ ᠵᠣᠬᠢᠬᠤ ᠬᠡᠮᠵᠢᠶᠡᠨ ᠳᠤ | ᠲᠠᠶᠢᠳᠬᠤᠷᠠᠯ ᠣᠯᠳᠠᠭ᠃ ᠠᠳᠠᠯᠢ ᠪᠠᠷ ᠨᠢᠯᠪᠤᠰᠤᠨ ᠤ ᠮᠣᠯᠧᠺᠦ᠋ᠯ ᠤᠨ ᠪᠦᠲᠤᠴᠡ ᠶᠢ ᠰᠣᠳᠤᠯᠵᠤ᠂ ᠬᠦᠮᠦᠨ ᠤ ᠪᠡᠶ᠎ᠡ | ᠳᠤ ᠮᠠᠰᠢ ᠬᠡᠷᠡᠭ ᠲᠠᠢ ᠬᠢᠮᠢ ᠶᠢᠨ ᠪᠣᠳᠠᠰ ᠤᠳ ᠠᠭᠤᠯᠤᠭᠳᠠᠵᠤ ᠪᠠᠶᠢᠬᠤ ᠶᠢ ᠮᠡᠳᠡᠵᠡᠢ᠃ ᠡᠭᠦᠨ ᠳᠤ ᠡᠪᠡᠳᠬᠦ ᠶᠢ | ᠨᠠᠮᠳᠠᠭᠠᠬᠤ ᠪᠣᠶᠣ ᠲᠠᠶᠢᠪᠤᠰᠢᠷᠠᠭᠤᠯᠬᠤ᠂ ᠪᠠᠺᠲ᠋ᠧᠷᠢ ᠪᠠ ᠬᠤᠣᠷᠠᠳᠤ ᠪᠣᠳᠠᠰ ᠢ ᠭᠠᠳᠠᠭᠰᠢᠯᠠᠭᠤᠯᠬᠤ᠂ ᠪᠡᠶ᠎ᠡ ᠮᠠᠬᠠᠪᠤᠳ | ᠲᠤ ᠡᠶᠡᠷᠡᠬᠦ ᠨᠦᠯᠦᠭᠡ ᠦᠵᠡᠭᠦᠯᠬᠦ ᠡᠯᠧᠮᠧᠨ᠋ᠲ ᠤᠳ ᠠᠭᠤᠯᠤᠭᠳᠠᠬᠤ ᠠᠴᠠ ᠭᠠᠳᠠᠨ᠎ᠠ ᠬᠠᠷᠠᠭᠤᠰᠤᠯ᠂ ᠭᠤᠮᠤᠳᠠᠬᠤ | ᠮᠡᠳᠡᠷᠡᠮᠵᠢ ᠲᠦᠷᠦᠭᠦᠯᠳᠡᠭ ᠪᠣᠳᠠᠰ ᠤᠳ ᠢ ᠨᠢᠯᠪᠤᠰᠤ ᠲᠠᠢ ᠬᠠᠮᠲᠤ ᠬᠦᠮᠦᠨ ᠤ ᠪᠡᠶ᠎ᠡ ᠠᠴᠠ ᠭᠠᠳᠠᠭᠰᠢᠯᠠᠭᠤᠯᠳᠠᠭ | ᠪᠠᠶᠢᠨ᠎ᠠ᠃ ᠦᠭᠡᠷ᠎ᠡ ᠪᠠᠷ ᠬᠡᠯᠡᠪᠡᠯ᠂ ᠨᠢᠯᠪᠤᠰᠤ ᠬᠦᠮᠦᠨ ᠤ ᠰᠡᠳᠭᠢᠯ ᠰᠠᠨᠠᠭ᠎ᠠ ᠶᠢ ᠴᠡᠪᠡᠷᠯᠡᠨ ᠠᠷᠢᠭᠤᠳᠬᠠᠵᠤ᠂ | ᠵᠣᠪᠠᠯᠠᠩ ᠲᠦᠭᠰᠢᠭᠦᠷᠢ ᠶᠢ ᠭᠠᠳᠠᠭᠰᠢᠯᠠᠭᠤᠯᠤᠭᠰᠠᠨ ᠢᠶᠠᠷ ᠬᠦᠮᠦᠨ ᠢ ᠢᠯᠡᠭᠦᠦ ᠦᠵᠡᠰᠭᠦᠯᠡᠩ ᠲᠠᠢ ᠪᠦᠭᠡᠳ | ᠦᠭᠡᠳᠡᠷᠬᠡᠭ ᠪᠣᠯᠭᠠᠳᠠᠭ᠃ | ᠳᠡᠯᠡᠬᠡᠢ ᠨᠡᠶᠢᠲᠡ ᠪᠠᠷ ᠬᠢᠭᠰᠡᠨ ᠰᠣᠳᠤᠯᠭᠠᠨ ᠠᠴᠠ ᠦᠵᠡᠪᠡᠯ ᠡᠮᠡᠭᠲᠡᠶᠢᠴᠦᠳ ᠡᠷᠡᠴᠤᠳ ᠠᠴᠠ ᠲᠠᠪᠤᠨ | ᠳᠠᠬᠢᠨ ᠢᠯᠡᠭᠦᠦ ᠤᠬᠢᠯᠠᠳᠠᠭ ᠪᠦᠭᠡᠳ ᠳᠤᠮᠳᠠᠴᠢ ᠪᠠᠷ 7 ᠨᠠᠰᠤ ᠤᠷᠲᠤ ᠨᠠᠰᠤᠯᠠᠳᠠᠭ ᠭᠡᠵᠦ ᠪᠣᠢ᠃ ᠡᠮᠡᠭᠲᠡᠶᠢᠴᠦᠳ | ᠢᠯᠡᠭᠦᠦ ᠤᠷᠲᠤ ᠨᠠᠰᠤᠯᠠᠵᠤ ᠪᠠᠶᠢᠬᠤ ᠨᠢ ᠮᠠᠰᠢ ᠣᠯᠠᠨ ᠵᠤᠶᠢᠯ ᠠᠴᠠ ᠪᠣᠯᠳᠠᠭ ᠴᠤ ᠨᠢᠯᠪᠤᠰᠤ ᠪᠠᠷ ᠢᠶᠠᠨ | ᠰᠡᠳᠭᠢᠯ ᠢᠶᠠᠨ ᠠᠭᠤᠵᠢᠷᠠᠭᠤᠯᠤᠨ᠂ ᠲᠠᠭ᠎ᠠ ᠦᠭᠡᠢ ᠵᠤᠶᠢᠯ ᠠᠴᠠ ᠰᠠᠯᠵᠤ ᠴᠢᠳᠠᠳᠠᠭ ᠳᠠᠪᠠᠭᠤᠯᠢᠭ ᠲᠠᠯ᠎ᠠ ᠨᠢ ᠵᠣᠬᠢᠬᠤ | ᠬᠡᠮᠵᠢᠶᠡᠨ ᠢᠶᠠᠷ ᠨᠦᠯᠦᠭᠡᠯᠡᠵᠦ ᠪᠠᠶᠢᠬᠤ ᠨᠢ ᠭᠠᠷᠴᠠᠭ᠎ᠠ ᠦᠭᠡᠢ᠃ ᠲᠡᠭᠡᠬᠦ ᠪᠠᠷ ᠲᠠᠷᠢᠬᠢ ᠬᠦᠳᠡᠯᠭᠡᠨ ᠨᠣᠮ ᠣᠩᠰᠢᠬᠤ᠂ | ᠺᠢᠨᠣ᠋ ᠦᠵᠡᠬᠦ᠂ ᠳᠠᠭᠤᠤ ᠰᠣᠨᠤᠰᠬᠤ ᠳᠠᠭᠠᠨ ᠬᠠᠶᠠ ᠨᠢᠭᠡ ᠴᠤ ᠭᠡᠰᠡᠨ ᠨᠢᠯᠪᠤᠰᠤ ᠳᠤᠰᠤᠯᠠᠭᠤᠯᠬᠤ ᠳᠤ ᠢᠴᠢᠬᠦ | ᠵᠤᠶᠢᠯ ᠤᠭᠲᠤ ᠦᠭᠡᠢ᠂ ᠬᠠᠷᠢᠨ ᠪᠡᠶ᠎ᠡ ᠰᠡᠳᠬᠢᠯ ᠳᠤ ᠴᠢᠨᠢ ᠴᠢᠮᠡᠯᠡᠰᠢ ᠦᠭᠡᠢ ᠠᠴᠢ ᠲᠤᠰᠠ ᠲᠠᠢ ᠭᠡᠵᠦ ᠰᠠᠨᠠᠭᠠᠷᠠᠢ᠃ | |