ᠠᠮᠧᠷᠢᠺᠠ ᠶᠢᠨ ᠪᠢᠨᠰᠢᠹᠡᠨᠢᠶᠠ ᠵᠸᠥ ᠶᠢᠨ ᠶᠡᠭᠡ ᠰᠤᠷᠭᠠᠭᠤᠯᠢ ᠶᠢᠨ ᠰᠣᠳᠤᠯᠭᠠᠨ ᠳᠤ ᠣᠯᠵᠤ ᠮᠡᠳᠡᠭᠰᠡᠨ ᠢᠶᠠᠷ᠂ | ᠲᠡᠮᠦᠷ ᠳᠤᠲᠠᠭᠳᠠᠬᠤ ᠴᠢᠨᠠᠷᠲᠠᠢ ᠴᠢᠰᠤ ᠳᠤᠳᠠᠭᠳᠠᠬᠤ ᠨᠢ ᠬᠦᠮᠦᠨ ᠤ ᠰᠣᠨᠤᠷ ᠢ ᠨᠦᠯᠦᠭᠡᠯᠡᠳᠡᠭ᠃ | 2014 ᠣᠨ ᠳᠤ᠂ 15% ᠤᠨ ᠲᠣᠮᠤᠴᠤᠤᠯ ᠰᠣᠨᠤᠷ ᠠᠨᠠᠢ ᠪᠣᠯᠵᠤ ᠪᠠᠶᠢᠨ᠎ᠠ ᠭᠡᠵᠤ ᠪᠠᠶᠢᠪᠠ᠃ ᠲᠡᠮᠤᠷ | ᠳᠤᠲᠠᠭᠰᠠᠨ ᠴᠢᠨᠠᠷᠲᠠᠢ ᠴᠢᠰᠤ ᠳᠤᠳᠠᠭᠳᠠᠬᠤ ᠪᠣᠯ ᠦᠷᠬᠦᠯᠵᠢ ᠳᠣᠬᠢᠶᠠᠯᠳᠤᠳᠠᠭ ᠮᠦᠷᠲᠡᠭᠡᠨ ᠵᠠᠰᠠᠬᠤ ᠳᠤ ᠠᠮᠠᠷᠬᠠᠨ | ᠡᠪᠡᠳᠴᠢᠨ ᠶᠤᠮ᠃ ᠡᠶᠢᠮᠦ ᠠᠴᠠ ᠲᠡᠮᠤᠷ ᠳᠤᠳᠠᠭᠳᠠᠭᠰᠠᠨ ᠠᠴᠠ ᠪᠣᠯᠤᠭᠰᠠᠨ ᠴᠢᠰᠤ ᠳᠤᠲᠠᠬᠤ ᠪᠠ ᠰᠣᠨᠤᠷ ᠤᠨ | ᠬᠤᠭᠤᠷᠤᠨᠳᠤᠬᠢ ᠬᠤᠯᠪᠤᠭ᠎ᠠ ᠶᠢ ᠰᠣᠳᠤᠯᠬᠤ ᠨᠢ ᠰᠢᠨ᠎ᠡ ᠵᠠᠰᠠᠯᠭ᠎ᠠ ᠶᠢᠨ ᠠᠷᠭ᠎ᠠ ᠶᠢ ᠴᠢᠨᠠᠭᠰᠢᠲᠠ ᠰᠦᠪᠡᠭᠴᠢᠯᠡᠬᠦ ᠳᠤ | ᠲᠤᠰᠠᠲᠠᠢ᠃ ᠰᠣᠳᠤᠯᠭᠠᠲᠠᠳ ᠪᠢᠨᠰᠢᠹᠡᠨᠢᠶᠠ ᠵᠸᠥ ᠶᠢᠨ ᠡᠮᠴᠢᠯᠡᠭᠡᠨ ᠤ ᠲᠦᠪ ᠠᠴᠠ 21-90 ᠨᠠᠰᠤᠨ ᠤ 305 | ᠲᠦᠮᠡᠨ ᠲᠡᠮᠤᠷ ᠳᠤᠳᠠᠭᠳᠠᠭᠰᠠᠨ ᠠᠴᠠ ᠪᠣᠯᠤᠭᠰᠠᠨ ᠴᠢᠰᠤ ᠳᠤᠲᠠᠭᠰᠠᠨ ᠡᠪᠡᠳᠴᠢᠨ ᠤ ᠲᠤᠭ᠎ᠠ ᠪᠠᠷᠢᠮᠲᠠ ᠶᠢ ᠣᠯᠵᠤ᠂ | ᠰᠣᠨᠤᠷ ᠲᠠᠢ ᠬᠤᠯᠪᠤᠭ᠎ᠠ ᠲᠠᠢ ᠡᠰᠡᠬᠦ ᠶᠢᠨ ᠦᠨᠡᠯᠡᠯᠲᠡ ᠬᠢᠵᠡᠢ᠃ ᠡᠭᠦᠨ ᠳᠤ᠂ ᠮᠡᠳᠡᠷᠡᠯ ᠤᠨ ᠴᠢᠨᠠᠷᠲᠠᠢ ᠲᠦᠯᠡᠢ ᠪᠠ | ᠶᠡᠷᠤᠩᠬᠡᠶᠢᠯᠡᠭᠰᠡᠨ ᠴᠢᠨᠠᠷᠲᠠᠢ ᠰᠣᠨᠤᠷ ᠤᠨ ᠬᠤᠬᠢᠷᠠᠯ ᠭᠡᠰᠡᠨ ᠦᠭᠡᠢ ᠴᠦᠮ ᠲᠡᠮᠤᠷ ᠳᠤᠲᠠᠭᠳᠠᠭᠰᠠᠨ ᠠᠴᠠ | ᠪᠣᠯᠤᠭᠰᠠᠨ ᠴᠢᠰᠤ ᠳᠤᠲᠠᠭᠳᠠᠭᠰᠠᠨ ᠲᠠᠢ ᠢᠯᠡᠳᠲᠡ ᠬᠤᠯᠪᠤᠭ᠎ᠠ ᠲᠠᠢ ᠪᠠᠶᠢᠪᠠ᠃ |