ᠰᠢᠨᠡᠰᠦ᠋ᠮ᠎ᠡ ᠭᠤᠣᠯ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠪᠢᠴᠢᠬᠠᠨ ᠬᠦᠯ ᠪᠦᠮᠪᠦᠭᠡᠴᠢᠳ ᠤᠨ ᠠᠩᠭᠢ ᠶᠢᠨ ︽ᠲᠣᠭᠤᠷᠢᠨ ᠰᠤᠷᠤᠯᠴᠠᠬᠤ︾ ᠬᠦᠳᠡᠯᠭᠡᠭᠡᠨ ᠤᠳᠬ᠎ᠠ ᠠᠭᠤᠯᠭ᠎ᠠ ᠲᠠᠢ ᠶᠠᠪᠤᠭᠳᠠᠪᠠ
ᠨᠡᠶᠢᠲᠡᠯᠡᠭᠰᠡᠨ ᠴᠠᠭ᠄
2017/5/4
     ᠲᠤᠰ ᠵᠢᠯ ᠤᠨ ᠲᠠᠪᠤᠨ ᠰᠠᠷ᠎ᠠ ᠶᠢᠨ ᠨᠢᠭᠡᠨ ᠤ ᠳᠡᠯᠡᠬᠡᠢ ᠶᠢᠨ ᠬᠦᠳᠡᠯᠮᠦᠷᠢᠴᠢᠳ ᠤᠨ ᠪᠠᠶᠠᠷ ᠢ ᠳᠣᠬᠢᠶᠠᠯᠳᠤᠭᠤᠯᠤᠨ᠂ ᠮᠠᠨ ᠤ ᠰᠤᠷᠭᠠᠭᠤᠯᠢ ᠶᠢᠨ ᠬᠢᠴᠢᠶᠡᠯ ᠬᠦᠮᠦᠵᠢᠯ ᠤᠨ ᠭᠠᠵᠠᠷ᠂ ᠮᠣᠷᠠᠯ ᠤᠨ ᠬᠦᠮᠦᠵᠢᠯ ᠤᠨ ᠭᠠᠵᠠᠷ ᠠᠴᠠ ᠰᠤᠷᠭᠠᠭᠤᠯᠢ ᠨᠢᠭᠡᠴᠢ ᠶᠢᠨ ᠢᠶᠠᠨ ᠢᠷᠠᠭᠤ ᠠᠯᠳᠠᠷ ᠤᠨ ᠬᠠᠭᠤᠳᠠᠰᠤᠨ ᠳᠤ ᠰᠢᠨ᠎ᠡ ᠦᠩᠭᠡ ᠭᠢᠯᠪᠠᠭ᠎ᠠ ᠨᠡᠮᠡᠷᠢᠯᠡᠵᠦ᠂ ᠮᠣᠩᠭᠤᠯ ᠬᠡᠥᠬᠡᠳ ᠤᠨ ᠤᠷᠠᠨ ᠰᠠᠮᠪᠠᠭᠠᠯᠢᠭ ᠤᠬᠠᠭᠠᠨ ᠴᠢᠳᠠᠯ᠂ ᠬᠤᠷᠴᠠ ᠱᠠᠯᠠᠮᠠᠭᠠᠢ ᠤᠶᠢᠯᠡ ᠬᠦᠳᠡᠯᠭᠡᠭᠡᠨ ᠢᠶᠠᠷ ᠢᠶᠠᠨ ᠣᠯᠠᠨ ᠣᠯᠠᠨ ᠤᠷᠤᠯᠳᠤᠭᠠᠨ ᠮᠦᠷᠤᠶᠢᠴᠡᠭᠡᠨ ᠳᠤ ᠰᠢᠯᠢᠳᠡᠭ ᠠᠮᠵᠢᠯᠲᠠ ᠪᠠᠷ ᠢᠶᠠᠨ ᠭᠢᠯᠠᠷᠠᠭᠤᠯᠤᠨ ᠶᠠᠪᠤᠭ᠎ᠠ ᠰᠤᠷᠭᠠᠭᠤᠯᠢ ᠶᠢᠨ ᠬᠦᠯ ᠪᠦᠮᠪᠦᠭᠡ ᠶᠢᠨ ᠠᠩᠭᠢ ᠶᠢᠨ ᠰᠤᠷᠤᠭᠴᠢᠳ ᠢᠶᠠᠨ ᠵᠣᠬᠢᠶᠠᠨ ᠪᠠᠶᠢᠭᠤᠯᠵᠤ᠂ ᠣᠩᠨᠢᠭᠤᠳ ᠤᠨ ᠰᠣᠶᠣᠯ ᠲᠡᠥᠭᠡ ᠶᠢ ᠲᠠᠨᠢᠭᠤᠯᠵᠤ ᠣᠶᠢᠯᠠᠭᠠᠭᠤᠯᠬᠤ ᠵᠣᠷᠢᠯᠭ᠎ᠠ ᠲᠠᠢ ᠨᠢᠭᠡᠨ ᠤᠳᠠᠭᠠᠨ ᠤ ︽ᠲᠣᠭᠤᠷᠢᠨ ᠰᠤᠷᠤᠯᠴᠠᠬᠤ︾ ᠠᠵᠢᠯᠯᠠᠭᠠᠨ ᠢ ᠵᠣᠬᠢᠶᠠᠨ ᠪᠠᠶᠢᠭᠤᠯᠵᠤ ᠶᠠᠪᠤᠭᠤᠯᠤᠭᠰᠠᠨ ᠪᠠᠶᠢᠨ᠎ᠠ᠃      ᠰᠤᠷᠤᠭᠴᠢᠳ ᠢᠶᠠᠨ ᠮᠠᠨ ᠤ ᠬᠤᠰᠢᠭᠤᠨ ᠤ ᠱᠠᠵᠢᠨ ᠦᠨᠳᠦᠰᠤᠨ ᠰᠦᠮ᠎ᠡ᠂ ᠣᠪᠤᠭ᠎ᠠ ᠠᠭᠤᠯᠠ᠂ ᠰᠣᠶᠣᠯ ᠲᠡᠥᠭᠡ ᠶᠢᠨ ᠮᠦᠽᠧᠢ ᠵᠡᠷᠭᠡ ᠲᠡᠥᠬᠡᠨ ᠤ ᠳᠤᠷᠠᠰᠬᠠᠯᠲᠤ ᠣᠷᠤᠨ ᠢᠶᠠᠷ ᠲᠣᠭᠤᠷᠢᠭᠤᠯᠵᠤ᠂ ᠣᠩᠨᠢᠭᠤᠳ ᠮᠣᠩᠭᠤᠯᠴᠤᠳ ᠤᠨ ᠢᠵᠠᠭᠤᠷ ᠲᠡᠥᠭᠡ᠂ ᠠᠮᠢᠳᠤᠷᠠᠯ ᠤᠨ ᠵᠠᠩ ᠠᠷᠠᠨᠰᠢᠨ᠂ ᠣᠨᠴᠠᠯᠢᠭᠲᠤ ᠬᠠᠭᠤᠴᠢ ᠦᠯᠡᠳᠡᠭᠳᠡᠯ ᠵᠡᠷᠭᠡ ᠶᠢ ᠦᠵᠡᠭᠦᠯᠦᠨ ᠲᠠᠨᠢᠭᠤᠯᠵᠤ᠂ ᠲᠡᠳᠡᠨ ᠳᠤ ᠣᠷᠤᠨ ᠨᠤᠲᠤᠭ ᠢᠶᠠᠨ ᠬᠠᠶᠢᠷᠠᠯᠠᠵᠤ ᠬᠦᠭᠵᠢᠭᠦᠯᠬᠦ ᠡᠷᠴᠢ ᠵᠣᠷᠢᠭ ᠣᠯᠭᠤᠵᠤ᠂ ᠬᠤᠶᠢᠰᠢᠲᠠ ᠶᠢᠨ ᠰᠤᠷᠤᠯᠴᠠᠯᠭ᠎ᠠ ᠠᠮᠢᠳᠤᠷᠠᠯ ᠳᠤ ᠨᠢ ᠮᠠᠰᠢ ᠭᠦᠨ ᠭᠦᠨᠵᠡᠭᠡᠢ ᠠᠴᠢ ᠬᠤᠯᠪᠤᠭᠳᠠᠯ ᠲᠠᠢ ᠰᠠᠭᠤᠭᠳᠠᠯ ᠦᠯᠡᠳᠡᠭᠡᠭᠰᠡᠨ ᠪᠠᠶᠢᠨᠠᠮ᠃                            ᠪᠠᠶᠠᠨᠳᠤᠩᠭᠠᠯᠠᠭ ᠮᠡᠳᠡᠭᠡᠯᠡᠪᠡ
 
ᠢᠷᠡᠯᠲᠡ᠄ ᠰᠢᠨᠡᠰᠦ᠋ᠮ᠎ᠡ ᠭᠤᠣᠯ ᠪᠠᠭ᠎ᠠ ᠰᠤᠷᠭᠠᠭᠤᠯᠢ 
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号