ᠬᠦᠳᠡᠭᠡ ᠠᠵᠤ ᠠᠬᠤᠢ ᠶᠢᠨ ᠶᠠᠮᠣᠨ ᠠᠴᠠ ᠡᠨᠡ ᠵᠢᠯ ᠰᠢᠨ᠎ᠡ ᠮᠠᠶ᠋ᠢᠭ ᠤᠨ ᠲᠠᠷᠢᠶᠠᠴᠢᠨ ᠢ ᠶᠡᠭᠡ ᠬᠦᠴᠦ ᠪᠠᠷ ᠬᠦᠮᠦᠵᠢᠭᠦᠯᠦᠨ᠎ᠡ
ᠨᠡᠶᠢᠲᠡᠯᠡᠭᠰᠡᠨ ᠴᠠᠭ᠄
2017/6/21
    ᠤᠶᠢᠷ᠎ᠠ ᠶᠢᠨ ᠡᠳᠦᠷ ᠲᠠᠶᠢᠶᠣᠸᠠᠨ ᠳᠤ ᠶᠠᠪᠣᠭᠳᠠᠭᠰᠠᠨ ᠰᠢᠨ᠎ᠡ ᠮᠠᠶ᠋ᠢᠭ ᠤᠨ ᠲᠠᠷᠢᠶᠠᠴᠢᠨ ᠢ ᠬᠦᠮᠦᠵᠢᠭᠦᠯᠬᠦ ᠠᠵᠢᠯ ᠤᠨ ᠠᠬᠢᠭᠤᠯᠣᠯᠲᠠ ᠶᠢᠨ ᠬᠤᠷᠠᠯ ᠳᠡᠭᠡᠷ᠎ᠡ ᠠᠴᠠ ᠤᠶᠢᠯᠭᠠᠭᠰᠠᠨ ᠢᠶᠠᠷ᠂ ᠡᠨᠡ ᠵᠢᠯ ᠪᠦᠬᠦ ᠣᠯᠣᠰ ᠤᠨ ᠬᠡᠪᠴᠢᠶᠡᠨ ᠳᠤ 100 ᠲᠦᠮᠡ ᠭᠠᠷᠣᠢ ᠰᠢᠨ᠎ᠡ ᠰᠢᠨ᠎ᠡ ᠮᠠᠶ᠋ᠢᠭ ᠤᠨ ᠲᠠᠷᠢᠶᠠᠴᠢᠨ ᠢ ᠬᠦᠮᠦᠵᠢᠭᠦᠯᠬᠦ ᠪᠠᠷ ᠪᠠᠶᠢᠨ᠎ᠠ᠃     ᠲᠠᠨᠢᠯᠴᠠᠭᠤᠯᠣᠭᠰᠠᠨ ᠢᠶᠠᠷ᠂ 2012 ᠣᠨ ᠠᠴᠠ ᠨᠠᠰᠢ ᠰᠢᠨ᠎ᠡ ᠮᠠᠶ᠋ᠢᠭ ᠤᠨ ᠲᠠᠷᠢᠶᠠᠴᠢᠨ ᠢ ᠬᠦᠮᠦᠵᠢᠭᠦᠯᠬᠦ ᠢᠨᠵᠧᠨᠢᠸ᠋ᠷᠢᠩ ᠢ ᠬᠡᠷᠡᠭᠵᠢᠭᠦᠯᠬᠦ ᠪᠠᠷ ᠳᠠᠮᠵᠢᠨ᠂ ᠪᠦᠬᠦ ᠣᠯᠣᠰ ᠲᠤ ᠡᠯ᠎ᠡ ᠵᠦᠢᠯ ᠤᠨ ᠰᠢᠨ᠎ᠡ ᠮᠠᠶ᠋ᠢᠭ ᠤᠨ ᠲᠠᠷᠢᠶᠠᠴᠢᠨ ᠨᠡᠶᠢᠲᠡ 400 ᠭᠠᠷᠣᠢ ᠲᠦᠮᠡᠨ ᠬᠦᠮᠦᠨ ᠢ ᠬᠦᠮᠦᠵᠢᠭᠦᠯᠵᠣ᠂ ᠶᠡᠬᠡᠩᠬᠢ ᠶᠢ ᠨᠢ ᠭᠡᠷ ᠪᠦᠯᠢ ᠶᠢᠨ ᠲᠠᠷᠢᠶᠠᠯᠠᠩ ᠤᠨ ᠲᠠᠯᠠᠪᠠᠢ᠂ ᠲᠠᠷᠢᠶᠠᠴᠢᠨ ᠤ ᠬᠤᠷᠰᠢᠶ᠎ᠠ᠂ ᠲᠠᠷᠢᠶᠠᠯᠠᠩ ᠤᠨ ᠠᠵᠣ ᠠᠬᠤᠶᠢᠯᠠᠯ ᠵᠡᠷᠭᠡ ᠰᠢᠨ᠎ᠡ ᠮᠠᠶ᠋ᠢᠭ ᠤᠨ ᠲᠠᠷᠢᠶᠠᠯᠠᠩ ᠤᠨ ᠡᠵᠡᠩᠨᠡᠯᠲᠡ ᠶᠢᠨ ᠭᠤᠣᠯ ᠴᠤᠭᠴᠠ ᠶᠢᠨ ᠳᠠᠭᠠᠭᠤᠯᠣᠭᠴᠢ ᠪᠠ ᠭᠤᠣᠯᠯᠠᠬᠤ ᠬᠦᠴᠦᠨ ᠪᠤᠯᠵᠢ᠃     ᠣᠳᠣ ᠨᠡᠯᠢᠶᠡᠳ ᠣᠯᠠᠨ ᠰᠣᠶᠣᠯ ᠮᠡᠳᠡᠯᠭᠡ ᠲᠠᠢ᠂ ᠮᠡᠷᠭᠡᠵᠢᠯ ᠲᠠᠢ᠂ ᠡᠵᠡᠩᠨᠡᠯᠲᠡ ᠶᠢᠨ ᠴᠢᠳᠠᠪᠣᠷᠢᠲᠠᠢ ᠰᠢᠨ᠎ᠡ ᠮᠠᠶ᠋ᠢᠭ ᠤᠨ ᠲᠠᠷᠢᠶᠠᠴᠢᠳ ᠨᠢ ᠣᠳᠣ ᠦᠶ᠎ᠡ ᠶᠢᠨ ᠲᠠᠷᠢᠶᠠᠯᠠᠩ ᠤᠨ ᠪᠦᠲᠦᠭᠡᠨ ᠪᠠᠶᠢᠭᠤᠯᠣᠯᠲᠠ ᠶᠢᠨ ᠳᠠᠭᠠᠭᠤᠯᠣᠭᠴᠢ ᠪᠣᠯᠵᠤ ᠪᠠᠶᠢᠨ᠎ᠠ᠃  ᠡᠨᠡ ᠵᠢᠯ ᠲᠦᠪ ᠤᠨ ᠡᠳ᠋ ᠤᠨ ᠵᠠᠰᠠᠭ ᠠᠴᠠ 15 ᠳ᠋ᠦ᠋ᠩᠰᠢᠭᠤᠷ ᠲᠦᠭᠦᠷᠢᠭ ᠤᠨ ᠪᠡᠯᠡ ᠣᠷᠣᠭᠤᠯᠵᠣ ᠣᠳᠣ ᠦᠶ᠎ᠡ ᠶᠢᠨ ᠲᠠᠷᠢᠶᠠᠯᠠᠩ ᠤᠨ ᠲᠠᠯᠠᠪᠠᠢ ᠶᠢᠨ ᠵᠠᠯᠠᠭᠤ ᠡᠵᠡᠨ ᠤ ᠬᠦᠮᠦᠵᠢᠭᠦᠯᠬᠦ ᠲᠦᠯᠦᠪᠯᠡᠭᠡ᠂ ᠰᠢᠨ᠎ᠡ ᠮᠠᠶ᠋ᠢᠭ ᠤᠨ ᠲᠠᠷᠢᠶᠠᠯᠠᠩ ᠤᠨ ᠡᠵᠡᠩᠨᠡᠯᠲᠡ ᠶᠢᠨ ᠭᠤᠣᠯ ᠴᠣᠭᠴᠠ ᠶᠢᠨ ᠳᠠᠭᠠᠭᠤᠯᠣᠭᠴᠢ ᠶᠢ ᠬᠦᠮᠦᠵᠢᠭᠦᠯᠬᠦ ᠲᠦᠯᠦᠪᠯᠡᠭᠡ᠂ ᠬᠦᠳᠡᠭᠡ ᠲᠣᠰᠬᠤᠨ ᠤ ᠴᠢᠳᠠᠪᠣᠷᠢᠲᠠᠨ ᠳᠠᠭᠠᠭᠤᠯᠣᠭᠴᠢ ᠬᠦᠮᠦᠨ ᠢ ᠬᠦᠮᠦᠵᠢᠭᠦᠯᠬᠦ ᠲᠦᠯᠦᠪᠯᠡᠭᠡ ᠶᠢ ᠭᠤᠤᠯᠴᠢᠯᠠᠨ ᠬᠡᠷᠡᠭᠵᠢᠭᠦᠯᠵᠦ᠂ ᠪᠦᠬᠦ ᠵᠢᠯ ᠳᠤ ᠰᠢᠨ᠎ᠡ ᠮᠠᠶ᠋ᠢᠭ ᠤᠨ ᠲᠠᠷᠢᠶᠠᠴᠢᠨ ᠢ 100 ᠲᠦᠮᠡᠨ ᠬᠦᠮᠦᠨ ᠠᠴᠠ ᠳᠡᠭᠡᠭᠰᠢ ᠬᠦᠮᠦᠵᠢᠭᠦᠯᠬᠦ ᠪᠠᠷ ᠪᠠᠶᠢᠨ᠎ᠠ᠃
 
ᠢᠷᠡᠯᠲᠡ᠄ ᠣᠯᠠᠭᠠᠨ ᠬᠠᠳᠠ ᠶᠢᠨ ᠡᠳᠣᠷ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号