ᠰᠢᠪᠠᠷ ᠬᠡᠷ ᠠᠴᠠ ᠰᠢᠨ᠎ᠠ ᠮᠠᠶ᠋ᠢᠭ ᠤᠨ ᠮᠤᠩᠭᠤᠯ ᠬᠡᠷ ᠲᠤ ᠨᠡᠬᠦᠨ ᠤᠷᠤᠭᠰᠠᠨ ᠦᠵᠦᠮ ᠤᠨ ᠬᠢᠨ
ᠨᠡᠶᠢᠲᠡᠯᠡᠭᠰᠡᠨ ᠴᠠᠭ᠄
2017/6/22
   ᠤᠩᠨᠢᠭᠤᠳ ᠬᠤᠰᠢᠭᠤᠨ ᠤ ᠠᠰᠢᠬᠠᠨ ᠰᠤᠮᠤᠨ ᠤ ᠲᠦᠪ ᠠᠴᠠ ᠭᠠᠷᠤᠭᠰᠠᠨ ᠮᠠᠰᠢᠨ ᠲᠡᠷᠬᠡ ᠡᠬᠡᠷᠡᠮ᠎ᠡ ᠲᠠᠯ᠎ᠠ ᠶᠢᠨ ᠲᠤᠮᠳᠠᠭᠤᠷ ᠰᠤᠨᠤᠯᠵᠠᠭᠰᠠᠨ ᠨᠠᠷᠢᠨ ᠵᠠᠮ ᠢᠶᠠᠷ ᠲᠠᠪᠬᠢᠭᠤᠯᠤᠭᠰᠠᠭᠠᠷ ᠦᠵᠦᠮ ᠲᠤᠭᠤᠢᠢᠯᠠᠩ ᠳᠤ ᠬᠦᠷᠴᠦ ᠢᠷᠡᠯ᠎ᠡ᠃ ᠦᠩᠬᠡᠷᠡᠭᠰᠡᠨ ᠲᠠᠢ ᠬᠠᠷᠢᠴᠠᠭᠤᠯᠪᠠᠯ ᠲᠡᠭᠷᠢ ᠭᠠᠵᠠᠷ ᠤᠨ ᠵᠦᠷᠢᠶ᠎ᠠ ᠲᠠᠢ ᠪᠤᠯᠤᠭᠰᠠᠨ ᠰᠢᠦ ᠬᠡᠵᠦ ᠭᠠᠷ ᠤᠳᠠᠰᠤᠨ ᠳᠤ ᠬᠠᠳᠠᠭᠠᠯᠠᠭᠰᠠᠨ ᠵᠢᠷᠤᠭ ᠰᠡᠬᠦᠳᠡᠷ ᠢᠶᠠᠨ ᠪᠢᠳᠡᠨ ᠳᠤ ᠪᠠᠶᠢᠨ ᠲᠠᠬᠢᠨ ᠤᠷᠪᠠᠭᠤᠯᠤᠨ ᠦᠵᠡᠬᠦᠯᠵᠦ᠂ ᠵᠠᠮ ᠲᠤᠰᠤᠮ ᠡᠨᠡ ᠲᠡᠷᠡ ᠶᠢ ᠲᠠᠨᠢᠯᠴᠠᠭᠤᠯᠵᠤ ᠶᠠᠪᠤᠭᠰᠠᠨ ᠴᠠᠭᠠᠨᠨᠠᠭᠤᠷ ᠭᠠᠴᠠᠭ᠎ᠠ ᠶᠢ ᠲᠠᠭᠠᠭᠠᠴᠢᠯᠠᠭᠰᠠᠨ ᠨᠢᠬᠡᠳᠦᠬᠡᠷ ᠱᠦᠵᠢ ᠪᠤᠤ ᠵᠤᠸᠠᠩ ᠤᠨ ᠦᠬᠡ ᠲᠡᠷᠡ ᠶᠤᠰᠤᠭᠠᠷ ᠢᠶᠠᠨ ᠬᠡᠷᠡᠴᠢᠯᠡᠭᠳᠡᠵᠦ᠂ ᠸᠠᠭᠠᠷ ᠲᠤᠭᠤᠰᠬᠠᠨ ᠪᠦᠲᠦᠴᠡ ᠲᠠᠢ ᠲᠤᠬᠢᠯᠢᠭ ᠰᠠᠶᠢᠬᠠᠨ ᠪᠠᠶᠢᠰᠢᠩ ᠬᠡᠷ ᠪᠤᠯᠤᠨ ᠬᠦᠬᠡ ᠲᠡᠬᠡᠪᠦᠷ ᠢ ᠨᠢ ᠬᠡ ᠤᠭᠠᠯᠵᠠ ᠪᠠᠷ ᠴᠢᠮᠡᠭᠯᠡᠭᠰᠡᠨ ᠰᠢᠨ᠎ᠠ ᠮᠠᠶ᠋ᠢᠭ ᠤᠨ ᠮᠤᠩᠭᠤᠯ ᠬᠡᠷ ᠬᠠᠷᠠᠭᠠᠨ᠎ᠠ ᠲᠡᠯᠭᠡᠭᠳᠡᠵᠦ᠂ ᠬᠡᠷᠡᠮ ᠬᠠᠰᠢᠶ᠎ᠠ ᠶᠢᠨ ᠬᠠᠵᠠᠭᠤ ᠪᠠᠷ ᠬᠠᠶᠠ ᠬᠠᠷᠠᠭᠳᠠᠬᠤ ᠦᠳᠦᠷᠮ᠎ᠠ ᠶᠢᠨ ᠪᠤᠯᠤ᠂ ᠤᠭᠤᠷ ᠤᠨ ᠨᠦᠳᠦᠬᠦᠷ᠂ ᠲᠡᠭᠡᠷᠮ᠎ᠡ ᠶᠢᠨ ᠴᠢᠯᠠᠭᠤ ᠯᠡ ᠦᠩᠬᠡᠷᠡᠭᠰᠡᠨ ᠲᠡᠤᠬᠡ ᠶᠢ ᠬᠠᠭᠤᠴᠢᠯᠠᠨ᠎ᠠ᠃        ᠴᠠᠭᠠᠨᠨᠠᠭᠤᠷ ᠭᠠᠴᠠᠭ᠎ᠠ ᠶᠢᠨ ᠦᠵᠦᠮ ᠲᠤᠭᠤᠢᠢᠯᠠᠩ ᠨᠢ ᠠᠰᠢᠬᠠᠨ ᠰᠤᠮᠤᠨ ᠤ ᠲᠦᠪ ᠠᠴᠠ ᠪᠠᠷᠠᠭᠤᠨ ᠡᠮᠦᠨᠡᠰᠢ ᠲᠦᠴᠢᠨ ᠭᠠᠵᠠᠷ ᠤᠨ ᠵᠠᠢ ᠳᠤ ᠪᠠᠶᠢᠷᠢᠰᠢᠵᠤ᠂ 53 ᠡᠷᠦᠬᠡ᠂ ᠬᠤᠶᠠᠷ ᠵᠠᠭᠤ ᠭᠠᠷᠤᠢ ᠬᠦᠮᠦᠨ ᠠᠮᠠ ᠲᠠᠢ᠃ ᠨᠤᠳᠤᠭ ᠠᠭᠤᠵᠢᠭᠤ ᠴᠤ ᠭᠤᠪᠢ ᠲᠤᠪᠤᠷᠬᠠᠭ ᠭᠠᠵᠠᠷ ᠢᠶᠠᠷ ᠭᠤᠤᠯᠳᠠᠭᠤᠯᠵᠤ᠂ ᠮᠠᠯ ᠮᠠᠯᠵᠢᠵᠤ ᠲᠠᠷᠢᠶ᠎ᠠ ᠲᠠᠷᠢᠬᠤ ᠳᠤ ᠪᠦᠷ ᠲᠡᠮᠡᠢ ᠲᠤᠬᠢᠷᠠᠳᠠᠭ ᠦᠬᠡᠢ ᠮᠦᠷᠳᠡᠬᠡᠨ ᠪᠤᠷᠤᠭᠠᠨ ᠬᠤᠷ᠎ᠠ ᠴᠦᠬᠡᠨ ᠵᠢᠯ ᠳᠤ ᠬᠦᠨᠳᠦ ᠨᠤᠴᠢᠳᠠᠢ ᠭᠠᠩ ᠬᠠᠭᠰᠠᠷᠠᠭᠠᠨ ᠪᠤᠯᠳᠠᠭ ᠠᠴᠠ ᠠᠳᠡᠬᠢ ᠮᠠᠯᠴᠢᠳ ᠵᠦᠳᠡᠬᠦᠬᠡᠨ ᠠᠮᠢᠳᠤᠷᠠᠯ ᠲᠠᠢ ᠠᠮᠢᠳᠤᠷᠠᠳᠠᠭ ᠪᠠᠶᠢᠵᠠᠢ᠃      — ᠪᠠᠶᠢᠭᠠᠯᠢ ᠶᠢᠨ ᠨᠦᠬᠦᠴᠡᠯ ᠠᠨᠠᠢ ᠠᠴᠠ ᠮᠠᠯ ᠲᠠᠷᠢᠶᠠᠯᠠᠩ ᠤᠨ ᠤᠷᠤᠯᠭ᠎ᠠ ᠲᠤᠤᠷ᠎ᠠ᠂ ᠠᠳᠡᠬᠢ ᠬᠦᠮᠦᠰ ᠤᠨ ᠤᠯᠠᠩᠬᠢ ᠨᠢ ᠭᠠᠳᠠᠭᠰᠢ ᠬᠦᠯᠦᠰᠦᠨ ᠠᠵᠢᠯ ᠬᠢᠬᠦ ᠪᠠᠷ ᠤᠷᠤᠯᠭ᠎ᠠ ᠶᠢᠨ ᠢᠷᠡᠯᠳᠡ ᠪᠠᠨ ᠪᠤᠯᠭᠠᠳᠠᠭ ᠶᠤᠮ ᠬᠡᠵᠦ ᠴᠠᠭᠠᠨᠨᠠᠭᠤᠷ ᠭᠠᠴᠠᠭ᠎ᠠ ᠶᠢᠨ ᠱᠦᠵᠢ ᠶᠢᠨ ᠯᠦᠩ ᠲᠠᠨᠢᠯᠴᠠᠭᠤᠯᠤᠨ᠎ᠠ᠃     ᠬᠡᠰᠡᠨ ᠴᠤ ᠪᠤᠷᠬᠠᠨᠳᠤ ᠶᠢᠨ ᠬᠠᠳᠠ ᠶᠢᠨ ᠢᠶᠠᠨ ᠡᠩᠬᠡᠷ ᠲᠤ ᠦᠶ᠎ᠠ ᠲᠠᠮᠵᠢᠨ ᠠᠮᠢᠳᠤᠷᠠᠵᠤ ᠢᠷᠡᠭᠰᠡᠨ ᠦᠵᠦᠮ ᠤᠨ ᠬᠦᠮᠦᠰ ᠠᠭᠤᠯᠠ ᠤᠰᠤᠨ ᠤ ᠪᠠᠨ ᠨᠠᠪᠳᠠᠭ ᠰᠠᠪᠳᠠᠭ ᠲᠤ ᠰᠢᠳᠦᠵᠦ ᠶᠡᠷᠦ ᠨᠢ ᠨᠤᠳᠤᠭ ᠢᠶᠠᠨ ᠤᠷᠬᠢᠨ ᠶᠠᠪᠤᠭ᠎ᠠ ᠦᠬᠡᠢ᠃ ᠠᠯᠢ ᠦᠶ᠎ᠠ ᠠᠴᠠ  ᠶᠢ ᠪᠤᠤ ᠮᠡᠳᠡ᠂ ᠪᠤᠷᠬᠠᠨᠳᠤ ᠶᠢᠨ ᠬᠠᠳᠠᠨ ᠲᠡᠭᠡᠷ᠎ᠡ ᠽᠦᠩᠺᠠᠪᠠ ᠪᠤᠷᠬᠠᠨ ᠤ ᠬᠦᠷᠦᠭ ᠢ ᠲᠠᠬᠢᠵᠤ᠂ ᠦᠶ᠎ᠠ ᠲᠠᠮᠵᠢᠨ ᠤᠯᠠᠮᠵᠢᠯᠠᠭᠰᠠᠭᠠᠷ ᠤᠳᠤ ᠳᠤ ᠬᠦᠷᠴᠡᠢ᠃ ᠪᠤᠷᠬᠠᠨᠳᠤ ᠶᠢᠨ ᠬᠠᠳᠠᠨ ᠤ ᠡᠩᠬᠡᠷ ᠲᠠᠬᠢ ᠵᠠᠳᠠᠭᠠᠢ ᠬᠤᠳᠳᠤᠭ ᠠᠴᠠ ᠠᠶᠢᠯ ᠤᠨ ᠤᠯᠠᠨ ᠢᠶᠠᠷ ᠢᠶᠠᠨ ᠤᠰᠤ ᠢᠳᠡᠵᠦ᠂ ︽ᠮᠢᠩᠭᠠᠨ ᠵᠢᠯ ᠤᠨ ᠲᠡᠤᠬᠡ ᠲᠠᠢ ᠡᠷᠳᠡᠨ ᠤ ᠬᠤᠳᠳᠤᠭ︾ ᠬᠡᠵᠦ ᠪᠡᠯᠬᠡᠰᠢᠶᠡᠵᠤ᠂ ᠲᠤᠮᠤᠭ ᠴᠤ ᠶᠤᠮ ᠰᠢᠬ ᠦᠨᠡᠨ ᠶᠤᠮ ᠰᠢᠬ ᠰᠠᠨᠠᠭᠳᠠᠳᠠᠭ ᠪᠠᠶᠢᠨ᠎ᠠ᠃     ᠪᠤᠤ ᠵᠦ ᠶᠢᠨ ᠬᠢᠨ ᠪᠤᠯ ᠪᠤᠷᠬᠠᠨᠳᠤ ᠶᠢᠨ ᠬᠠᠳᠠᠨ ᠤ ᠡᠩᠬᠡᠷ ᠲᠤ ᠨᠠᠰᠤ ᠪᠠᠷ ᠢᠶᠠᠨ ᠠᠮᠢᠳᠤᠷᠠᠭᠰᠠᠨ ᠵᠢᠷ ᠤᠨ ᠨᠢᠬᠡᠨ ᠠᠶᠢᠯ ᠪᠤᠯᠤᠨ᠎ᠠ᠃ ᠬᠦᠭᠰᠢᠨ ᠨᠢ ᠦᠶ᠎ᠠ ᠬᠡᠰᠢᠬᠦᠦ ᠶᠢᠨ ᠡᠪᠡᠳᠴᠢᠨ ᠤᠯᠤᠭᠠᠳ ᠤᠳᠠᠭᠠᠨ ᠵᠢᠯ ᠪᠤᠯᠵᠤ ᠵᠠᠭᠤ ᠭᠠᠷᠤᠢ ᠢᠮᠠᠭ᠎ᠠ ᠲᠠᠢ ᠪᠠᠶᠢᠬᠰᠠᠨ ᠢᠶᠠᠨ ᠪᠦᠬᠦᠨ ᠢ ᠬᠤᠳᠠᠯᠳᠤᠵᠤ ᠡᠪᠡᠳᠴᠢᠨ ᠦᠵᠡᠬᠦᠯᠬᠦ ᠳᠤ ᠵᠠᠷᠤᠴᠠᠭᠤᠯᠵᠠᠢ᠃ ᠢᠩᠬᠢᠬᠦ ᠪᠠᠷ ᠡᠳᠡᠨᠠᠶᠢᠬᠢᠨ ᠳᠤ ᠠᠪᠴᠤ ᠬᠡᠯᠡᠪᠡᠯ ᠬᠡᠳᠦᠨ ᠲᠦᠮᠡᠨ ᠲᠦᠭᠦᠷᠢᠭ ᠴᠢᠨᠠᠭᠰᠢᠯᠠᠪᠠᠯ ᠬᠡᠳᠦᠨ ᠠᠷᠪᠠᠨ ᠲᠦᠮᠡᠨ ᠲᠦᠭᠦᠷᠢᠭ ᠭᠠᠷᠭᠠᠵᠤ ᠬᠡᠷ ᠲᠡᠷᠭᠡ ᠪᠠᠷᠢᠨ᠎ᠠ ᠬᠡᠳᠡᠭ ᠨᠢ ᠰᠠᠨᠠᠭ᠎ᠠ ᠵᠡᠬᠦᠳᠦᠨ ᠳᠤ ᠦᠬᠡᠢ ᠤᠴᠢᠷ ᠶᠤᠮ᠃ ᠬᠡᠬᠦ ᠳᠤ ᠦᠨᠦᠳᠦᠷ ᠪᠤᠤ ᠵᠦ ᠶᠢᠨ ᠬᠢᠨ ᠴᠡᠪᠡᠷ ᠲᠤᠬᠢᠯᠢᠭ ᠰᠢᠨ᠎ᠠ ᠮᠠᠶ᠋ᠢᠭ ᠤᠨ ᠮᠤᠩᠭᠤᠯ ᠬᠡᠷ ᠲᠤ ᠨᠡᠬᠦᠨ ᠤᠷᠤᠵᠤ᠂ ᠬᠡᠷ ᠢᠶᠠᠨ ᠬᠡᠳᠦ᠋ᠢᠪᠡᠷ ᠬᠡᠬᠡᠨᠴᠢᠷ ᠭᠤᠶᠤ ᠡᠳ᠋ᠯᠡᠯ ᠬᠡᠷᠡᠭᠰᠡᠯ ᠢᠶᠠᠷ ᠵᠠᠰᠠᠵᠤ ᠴᠢᠮᠡᠭᠯᠡᠭᠰᠡᠨ ᠦᠬᠡᠢ ᠴᠤ ᠶᠠᠭᠤᠮ᠎ᠠ ᠪᠤᠯᠭᠠᠨ ᠨᠢ ᠤᠷᠤᠨ ᠪᠠᠶᠢᠷᠢ ᠪᠠᠨ ᠲᠤᠬᠢᠯᠢᠭ ᠤᠯᠤᠭᠰᠠᠨ ᠴᠡᠪᠡᠷ ᠴᠡᠮᠴᠡᠬᠡᠷ᠂ ᠲᠡᠷᠢ ᠲᠡᠭᠰᠢ ᠪᠠᠶᠢᠳᠠᠯ ᠠᠴᠠ ᠠᠵᠢᠯᠴᠢ ᠪᠤᠷᠤᠭᠵᠢᠭᠤᠨ ᠨᠢ ᠦᠵᠡᠳᠡᠯ᠎ᠡ ᠢᠯᠡᠬᠡᠨ᠃  — ᠪᠢ ᠡᠨᠡ ᠵᠢᠯ ᠵᠢᠷᠠᠨ ᠬᠤᠶᠠᠷᠳᠠᠢ᠂ ᠮᠡᠳᠡᠭᠡ ᠤᠷᠤᠬᠤ ᠠᠴᠠ ᠯᠡ ᠠᠪᠤᠭᠠᠳ ᠰᠢᠪᠠᠷ ᠪᠠᠶᠢᠰᠢᠩ ᠳᠤ ᠠᠮᠢᠳᠤᠷᠠᠵᠤ᠂ ᠲᠡᠷᠡᠬᠦ ᠭᠤᠷᠪᠠᠨ ᠲᠠᠰᠤᠯᠭ᠎ᠠ ᠰᠢᠪᠠᠷ ᠬᠡᠷ ᠲᠡᠭᠡᠨ ᠵᠢᠷᠠᠨ ᠵᠢᠯ ᠰᠠᠭᠤᠭᠰᠠᠨ᠂ ᠨᠠᠮ ᠵᠠᠰᠠᠭ ᠤᠨ ᠬᠠᠯᠠᠮᠵᠢᠯᠠᠯ ᠢᠶᠠᠷ ᠡᠶᠢᠮᠦ ᠰᠠᠶᠢᠬᠠᠨ ᠬᠡᠷ ᠲᠤ ᠨᠡᠬᠦᠵᠤ ᠤᠷᠤᠯ᠎ᠠ᠂ ᠦᠪᠡᠷ ᠢᠶᠠᠨ ᠲᠤᠯᠠᠭᠠᠯᠠᠭ᠎ᠠ ᠲᠠᠭᠠᠷᠠᠭᠤᠯᠤᠭᠰᠠᠨ ᠢ ᠭᠠᠷᠭᠠᠪᠠᠯ ᠪᠤᠰᠤᠳ ᠵᠠᠷᠤᠳᠠᠯ ᠢ ᠪᠦᠷ ᠲᠦᠷᠦᠯ ᠵᠦᠢᠯ ᠤᠨ ᠨᠦᠬᠦᠪᠦᠷᠢ ᠠᠴᠠ ᠭᠠᠷᠭᠠᠭᠰᠠᠨ ᠶᠤᠮ᠂ ᠡᠰᠡᠪᠡᠯ ᠬᠦᠭᠰᠢᠨ ᠮᠠᠨ ᠤ ᠬᠤᠶᠠᠷ ᠶᠠᠮᠠᠷ ᠲᠡᠩᠬᠡᠬᠡ ᠪᠠᠷ ᠰᠢᠨ᠎ᠠ ᠬᠡᠷ ᠪᠠᠷᠢᠬᠤ ᠪᠤᠢ᠂ ᠬᠠᠭᠤᠴᠢᠨ ᠰᠢᠪᠠᠷ ᠬᠡᠷ ᠢᠶᠠᠨ ᠡᠪᠯᠡᠬᠦᠯᠵᠦ ᠵᠠᠰᠠᠭᠠᠳ ᠯᠡ ᠰᠠᠭᠤᠵᠤ ᠪᠠᠶᠢᠶ᠎ᠠ ᠬᠡᠵᠦ ᠪᠤᠳᠤᠵᠤ ᠪᠠᠶᠢᠭᠰᠠᠨ ᠬᠡᠵᠦ ᠪᠤᠤ ᠵᠦ ᠲᠤᠭᠳᠤᠯᠤᠭᠰᠠᠨ ᠰᠡᠳᠬᠢᠯ ᠢᠶᠠᠨ ᠲᠠᠷᠤᠵᠤ ᠶᠠᠳᠠᠨ ᠬᠡᠯᠡᠨ᠎ᠡ᠃        ᠦᠩᠬᠡᠷᠡᠭᠰᠡᠨ ᠬᠤᠶᠠᠷ ᠵᠢᠯ ᠴᠠᠭᠠᠨᠨᠠᠭᠤᠷ ᠭᠠᠴᠠᠭ᠎ᠠ ᠨᠢ ᠰᠤᠮᠤᠨ ᠤ ᠬᠦᠴᠦᠳᠡᠢ ᠲᠡᠮᠵᠢᠯᠬᠡ ᠲᠤᠤᠷ᠎ᠠ ᠠᠶᠤᠯᠳᠠᠢ ᠬᠡᠷ ᠪᠠᠶᠢᠰᠢᠩ ᠢ ᠵᠠᠰᠠᠨ ᠰᠡᠯᠪᠢᠬᠦ ᠲᠦᠷᠦᠯ ᠵᠦᠢᠯ ᠢᠶᠠᠷ ᠦᠵᠦᠮ ᠭᠠᠴᠠᠭ᠎ᠠ ᠶᠢᠨ ᠰᠢᠪᠠᠷ ᠪᠠᠶᠢᠰᠢᠩ ᠢ ᠪᠦᠬᠦᠨ ᠢ ᠨᠤᠷᠠᠭᠠᠵᠤ᠂ 23 ᠰᠠᠭᠤᠷᠢ ᠰᠢᠨ᠎ᠠ ᠮᠠᠶ᠋ᠢᠭ ᠤᠨ ᠮᠤᠩᠭᠤᠯ ᠬᠡᠷ ᠪᠠᠷᠢᠵᠤ᠂ ᠦᠵᠦᠮ ᠭᠠᠴᠠᠭ᠎ᠠ ᠶᠢᠨ ᠮᠠᠯᠴᠢᠳ ᠪᠦᠬᠦᠨ ᠢᠶᠠᠷ ᠢᠶᠠᠨ ᠰᠢᠨ᠎ᠠ ᠰᠠᠭᠤᠷᠢᠰᠢᠯ ᠳᠤ ᠨᠡᠬᠦᠨ ᠤᠷᠤᠵᠠᠢ᠃ ᠡᠨᠡᠬᠦ ᠮᠤᠩᠭᠤᠯ ᠬᠡᠷ ᠨᠢ 45 ᠲᠡᠭᠰᠢ ᠲᠦᠷᠪᠡᠯᠵᠢᠨ ᠮᠧᠲᠷ ᠶᠡᠭᠡ᠂ ᠡᠪᠦᠯ ᠳᠡᠭᠡᠨ ᠲᠤᠯᠠᠭᠠᠨ ᠵᠤᠨ ᠳᠠᠭᠠᠨ ᠰᠡᠷᠢᠬᠦᠨ᠂ ᠬᠡᠷ ᠢ ᠪᠠᠷᠢᠬᠤ ᠠᠴᠠ ᠵᠠᠰᠠᠵᠤ ᠴᠢᠮᠡᠭᠯᠡᠬᠦ ᠬᠦᠷᠳᠡᠯ᠎ᠡ ᠪᠦᠬᠦᠨ ᠢ ᠲᠦᠷᠦᠯ ᠵᠦᠢᠯ ᠤᠨ ᠨᠦᠬᠦᠪᠦᠷᠢ ᠶᠢᠨ ᠮᠦᠩᠬᠦ ᠠᠴᠠ ᠭᠠᠷᠭᠠᠵᠤ᠂ ᠮᠠᠯᠴᠢᠳ ᠠᠴᠠ ᠨᠢᠬᠡ ᠮᠦᠩᠬᠦ ᠵᠤᠭᠤᠰ ᠴᠤ ᠬᠤᠷᠢᠶᠠᠭᠰᠠᠨ ᠦᠬᠡᠢ᠃ ᠲᠡᠬᠡᠬᠦ ᠮᠦᠷᠳᠡᠬᠡᠨ ᠢᠳᠡᠬᠦ ᠤᠰᠤᠨ ᠤ ᠠᠰᠠᠭᠤᠳᠠᠯ ᠢ ᠰᠢᠢᠳᠪᠦᠷᠢᠯᠡᠵᠦ᠂ ᠠᠶᠢᠯ ᠤᠨ ᠲᠤᠮᠳᠠ ᠨᠢᠬᠡ ᠬᠤᠳᠳᠤᠭ ᠭᠠᠷᠭᠠᠵᠤ ᠡᠷᠦᠬᠡ ᠪᠤᠯᠭᠠᠨ ᠳᠤ ᠲᠦᠬᠡᠬᠡᠯ ᠤᠰᠤ ᠨᠡᠪᠳᠡᠷᠡᠬᠦᠯᠦᠭᠰᠡᠨ ᠪᠠᠶᠢᠨ᠎ᠠ᠃ ᠤᠤᠯ ᠤᠨ ᠰᠤᠷᠭᠠᠭᠤᠯᠢ ᠶᠢᠨ ᠬᠡᠷ ᠢ ᠵᠠᠰᠠᠨ ᠰᠡᠯᠪᠢᠵᠦ ᠲᠤᠭᠤᠢᠢᠯᠠᠩ ᠤᠨ ᠢᠶᠠᠨ ᠠᠯᠪᠠᠯᠠᠬᠤ ᠪᠠ ᠠᠵᠢᠯᠯᠠᠭᠠᠨ ᠤ ᠬᠡᠷ ᠪᠤᠯᠭᠠᠵᠤ᠂ ᠬᠠᠵᠠᠭᠤ ᠳᠤᠨᠢ ᠨᠢᠬᠡ ᠮᠤᠩᠭᠤᠯ ᠬᠡᠷ ᠪᠠᠷᠢᠵᠠᠢ᠃ ᠮᠤᠩᠭᠤᠯ ᠬᠡᠷ ᠤᠨ ᠢᠶᠠᠨ ᠲᠤᠳᠤᠷ᠎ᠠ ᠦᠵᠦᠮ ᠤᠨ ᠮᠠᠯᠴᠢᠳ ᠤᠨ ᠦᠩᠬᠡᠷᠡᠭᠰᠡᠨ ᠤ ᠠᠮᠢᠳᠤᠷᠠᠵᠤ ᠰᠠᠭᠤᠷᠢᠰᠢᠵᠤ ᠪᠠᠶᠢᠭᠰᠠᠨ ᠵᠢᠷᠤᠭ ᠰᠡᠬᠦᠳᠡᠷ᠂ ᠡᠳ᠋ᠯᠡᠵᠦ ᠬᠡᠷᠡᠭᠯᠡᠵᠦ ᠪᠠᠶᠢᠭᠰᠠᠨ ᠡᠳ᠋ ᠪᠤᠳᠠᠰ ᠢ ᠲᠡᠯᠬᠡᠨ ᠦᠵᠡᠬᠦᠯᠬᠦ ᠪᠠᠷ ᠲᠦᠯᠦᠪᠯᠡᠵᠦ ᠪᠠᠶᠢᠭ᠎ᠠ ᠶᠢ ᠨᠢᠬᠡᠳᠦᠬᠡᠷ ᠱᠦᠵᠢ ᠪᠤᠤ ᠵᠤᠸᠠᠩ ᠤᠨ ᠶᠠᠷᠢᠶ᠎ᠠ ᠠᠴᠠ ᠤᠢᠢᠯᠠᠭᠠᠯ᠎ᠠ᠃ ᠦᠵᠦᠮ ᠤᠨ ᠮᠠᠯᠴᠢᠳ ᠰᠢᠨ᠎ᠠ ᠰᠠᠭᠤᠷᠢᠰᠢᠯ ᠳᠤ ᠨᠡᠬᠦᠨ ᠤᠷᠤᠭᠰᠠᠨ ᠴᠤ ᠤᠷᠤᠯᠭ᠎ᠠ ᠶᠢᠨ ᠠᠰᠠᠭᠤᠳᠠᠯ ᠢ ᠦᠨᠳᠦᠰᠦᠨ ᠠᠴᠠ ᠨᠢ ᠰᠢᠢᠳᠪᠦᠷᠢᠯᠡᠬᠦ ᠬᠡᠪᠡᠯ ᠭᠠᠵᠠᠷ ᠤᠷᠤᠨ ᠤ ᠪᠠᠶᠢᠳᠠᠯ ᠳᠠᠭᠠᠨ ᠲᠤᠬᠢᠷᠠᠭᠰᠠᠨ ᠬᠦᠭᠵᠢᠯᠳᠡ ᠶᠢᠨ ᠵᠠᠮ ᠢ ᠰᠦᠪᠡᠭᠴᠢᠯᠡᠬᠦ ᠬᠡᠷᠡᠭᠳᠡᠢ ᠬᠡᠰᠡᠨ ᠢ ᠰᠡᠷᠡᠵᠦ ᠮᠡᠳᠡᠭᠰᠡᠨ ᠤᠳᠤᠷᠢᠳᠬᠤ ᠪᠠᠭ ᠤᠨ ᠬᠢᠨ ᠵᠢᠭᠤᠯᠴᠢᠯᠠᠯ ᠢ ᠬᠦᠭᠵᠢᠬᠦᠯᠬᠦ ᠪᠠᠷ ᠰᠦᠪᠡᠭᠴᠢᠯᠡᠵᠦ ᠡᠬᠢᠯᠡᠵᠡᠢ᠃ᠠᠰᠢᠬᠠᠨ ᠰᠤᠮᠤ ᠶᠢᠨ ᠬᠦᠷᠢᠶ᠎ᠡ ᠬᠡᠪᠴᠢᠶᠡᠨ ᠳᠤ ᠵᠢᠭᠤᠯᠴᠢᠯᠠᠯ ᠤᠨ ᠡᠬᠢ ᠪᠠᠶᠠᠯᠢᠭ ᠡᠯᠪᠡᠭ ᠪᠠᠶᠢᠵᠤ᠂ ᠦᠵᠦᠮ ᠲᠤᠭᠤᠢᠢᠯᠠᠩ ᠢ ᠲᠠᠭᠠᠷᠢᠭᠰᠠᠨ ᠵᠢᠭᠤᠯᠴᠢᠯᠠᠯ ᠤᠨ ᠵᠠᠮ ᠱᠤᠭᠤᠮ ᠢ ᠨᠡᠬᠡᠬᠡᠨ ᠬᠦᠭᠵᠢᠬᠦᠯᠬᠦ ᠨᠢ ᠶᠠᠳᠠᠭᠤ ᠠᠴᠠ ᠠᠩᠬᠢᠵᠢᠷᠠᠭᠤᠯᠵᠤ ᠴᠢᠨᠡᠬᠡᠯᠢᠭᠵᠢᠯ ᠢ ᠪᠡᠶᠡᠯᠡᠬᠦᠯᠬᠦ ᠴᠢᠬᠤᠯᠠ ᠠᠷᠭ᠎ᠠ ᠵᠠᠮ ᠤᠨ ᠨᠢᠬᠡ ᠪᠤᠯᠤᠭᠰᠠᠨ ᠶᠤᠮ᠃    — ᠪᠤᠷᠬᠠᠨᠳᠤ ᠶᠢᠨ ᠬᠠᠳᠠ ᠶᠢ ᠲᠤᠭᠤᠷᠢᠭᠠᠳ ᠦᠵᠦᠮ ᠤᠨ ᠤᠷᠤᠢ᠂ ᠲᠡᠮᠡᠬᠡᠨ ᠬᠠᠳᠠ᠂ ᠠᠷᠪᠠᠨ ᠭᠤᠷᠪᠠᠨ ᠤᠷᠬᠢᠯ ᠵᠡᠷᠬᠡ ᠦᠯᠢᠬᠡᠷ ᠲᠤᠮᠤᠭ ᠲᠠᠢ ᠠᠭᠤᠯᠠ ᠬᠠᠳᠠ ᠨᠤᠭᠤᠳ ᠰᠦᠨᠳᠡᠷᠯᠡᠵᠦ᠂ ᠡᠩᠬᠡᠷ ᠲᠠᠬᠢ ᠬᠤᠳᠳᠤᠭ ᠤᠨ ᠤᠰᠤ ᠨᠢ ᠡᠷᠡᠬᠦᠯ ᠡᠩᠬᠡ᠂ ᠦᠯᠵᠡᠢ ᠬᠡᠶᠢᠮᠦᠷᠢ ᠶᠢ ᠲᠠᠯᠠᠯᠤᠳᠠᠭ ᠬᠡᠵᠦ ᠨᠤᠳᠤᠭ ᠤᠨ ᠬᠢᠨ ᠰᠦᠰᠦᠭᠯᠡᠳᠡᠭ᠂ ᠠᠭᠤᠯᠠᠨ ᠲᠡᠭᠡᠷ᠎ᠡ ᠡᠯᠳᠡᠪ ᠵᠦᠢᠯ ᠤᠨ ᠢᠯᠠᠮ᠎ᠠ ᠶᠢᠨ ᠮᠤᠳᠤ ᠢᠭᠴᠢᠷᠠᠵᠤ᠂ ᠵᠢᠯ ᠪᠤᠯᠭᠠᠨ ᠤ ᠡᠨᠡ ᠦᠶ᠎ᠠ ᠪᠤᠯᠬᠤ ᠪᠠᠷ ᠢᠯᠠᠮ᠎ᠠ ᠪᠤᠯᠪᠠᠰᠤᠷᠠᠵᠤ᠂ ᠬᠦᠷᠡᠩ ᠤᠯᠠᠭᠠᠨ ᠢᠯᠠᠮ᠎ᠠ ᠨᠤᠭᠤᠳ ᠬᠤᠷᠤᠬᠠᠢ ᠶᠢ ᠬᠦᠳᠡᠯᠬᠡᠳᠡᠭ᠂ ᠠᠶᠢᠯ ᠤᠨ ᠡᠮᠦᠨᠡᠬᠢ  ᠠᠭᠤᠯᠠᠨ ᠤ ᠤᠷᠤᠢ ᠲᠡᠭᠡᠷ᠎ᠡ ᠠᠴᠠ ᠬᠤᠶᠢᠰᠢ ᠪᠠᠷᠠᠯᠠᠪᠠᠯ ᠦᠵᠦᠮ ᠲᠤᠭᠤᠢᠢᠯᠠᠩ ᠤᠨ ᠪᠦᠬᠦ ᠦᠵᠡᠮᠵᠢ ᠶᠢ ᠰᠤᠨᠢᠷᠬᠠᠵᠤ ᠂ ᠬᠠᠷᠠᠭ᠎ᠠ ᠲᠡᠯᠡᠨ ᠴᠡᠬᠡᠵᠢ ᠠᠭᠤᠵᠢᠷᠠᠳᠠᠭ ᠶᠤᠮ ᠬᠡᠵᠦ ᠪᠤᠤ ᠵᠤᠸᠠᠩ ᠡᠳᠡᠬᠡᠷ ᠡᠬᠢ ᠪᠠᠶᠠᠯᠢᠭ ᠢᠶᠠᠨ ᠰᠠᠶᠢᠬᠠᠨ ᠠᠰᠢᠭᠯᠠᠪᠠᠯ ᠵᠢᠭᠤᠯᠴᠢᠯᠠᠯ ᠤᠨ ᠱᠤᠭᠤᠮ ᠢ ᠨᠡᠬᠡᠬᠡᠬᠦ ᠳᠤ ᠶᠠᠮᠠᠷ ᠯᠡ ᠠᠰᠠᠭᠤᠳᠠᠯ ᠪᠠᠶᠢᠬᠤ ᠪᠤᠢ ᠬᠡᠵᠦ ᠢᠳᠡᠬᠡᠯ ᠲᠡᠬᠦᠯᠳᠡᠷ ᠶᠠᠷᠢᠨ᠎ᠠ᠃      ᠴᠡᠪᠡᠷ ᠲᠤᠬᠢᠯᠢᠭ ᠬᠡᠷ ᠪᠠᠶᠢᠰᠢᠩ ᠳᠤ ᠨᠡᠬᠦᠭᠰᠡᠨ ᠦᠵᠦᠮ ᠤᠨ ᠮᠠᠯᠴᠢᠳ ᠨᠤᠳᠤᠭ ᠤᠨ ᠢᠶᠠᠨ ᠦᠵᠡᠰᠬᠦᠯᠡᠩᠳᠦ ᠰᠠᠶᠢᠬᠠᠨ ᠦᠩᠬᠡ ᠦᠵᠡᠮᠵᠢ᠂ ᠦᠯᠢᠬᠡᠷ ᠲᠤᠮᠤᠭᠳᠤ ᠠᠭᠤᠯᠠ ᠬᠠᠳᠠ ᠳᠠᠭᠠᠨ ᠲᠦᠰᠢᠭᠯᠡᠨ ᠨᠡᠩ ᠬᠤᠯᠠ ᠶᠢᠨ ᠬᠦᠭᠵᠢᠯᠳᠡ ᠶᠢ ᠤᠭᠳᠤᠨ ᠠᠪᠴᠢᠷᠠᠬᠤ ᠨᠢ ᠯᠠᠪᠳᠠᠢ ᠶᠤᠮ᠃            ᠰᠤᠷᠪᠤᠯᠵᠢᠯᠠᠭᠴᠢ ᠲᠤᠷᠤᠨ᠎ᠠ᠂ ᠰᠦᠷᠯᠢᠭ᠂ ᠪᠤᠤ ᠬᠤᠩ ᠶᠢᠩ᠂ ᠴᠢᠮᠡᠬᠡᠯᠡᠭᠴᠢ ᠰᠡᠴᠡᠨᠪᠢᠯᠢᠭ
 
ᠢᠷᠡᠯᠲᠡ᠄ ᠣᠯᠠᠭᠠᠨᠬᠠᠳᠠ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号