ᠭᠡᠷ ᠤᠨ ᠠᠬᠠᠮᠠᠳ ᠨᠣᠮ ᠲᠠᠢ ᠬᠠᠨᠢᠯᠠᠬᠤ ᠳᠠᠭᠤᠷᠢᠶᠠᠯ ᠪᠣᠯᠵᠠᠭᠠᠶ᠎ᠠ
ᠨᠡᠶᠢᠲᠡᠯᠡᠭᠰᠡᠨ ᠴᠠᠭ᠄
2017/6/6
 《ᠨᠣᠮ ᠪᠢᠴᠢᠭ ᠪᠣᠯ ᠶᠡᠷᠲᠢᠨᠴᠤ ᠶᠢ ᠬᠠᠷᠠᠬᠤ ᠴᠣᠩᠬᠤ》ᠭᠡᠳᠡᠭ ᠢᠶᠠᠷ  ᠨᠣᠮ ᠣᠩᠰᠢᠪᠠᠯ ᠬᠦᠮᠥᠨ ᠤ ᠪᠢᠯᠢᠭ ᠣᠶᠣᠨ ᠨᠡᠭᠡᠭᠡᠭᠳᠡᠵᠦ ᠰᠡᠳᠬᠢᠨ‌‍ᠪᠣᠳᠦᠯᠬᠢᠯᠠᠬᠤ ᠴᠢᠳᠠᠪᠣᠷᠢ ᠳᠡᠭᠡᠭᠰᠢᠯᠡᠨ᠂ ᠨᠡᠶᠢᠭᠡᠮ‌‍ᠲ᠋ᠠᠢ ᠵᠤᠬᠢᠴᠠᠬᠤ ᠴᠢᠳᠠᠪᠣᠷᠢ ᠪᠣᠯᠪᠠᠰᠤᠷᠠᠯ ᠨᠢ ᠠᠶᠠᠨᠳᠠᠭᠠᠨ ᠳᠡᠭᠡᠭᠰᠢᠯᠡᠵᠦ᠂ ᠠᠵᠢᠯ ᠶᠠᠪᠣᠳᠠᠯ ᠢ ᠬᠢᠵᠦ  ᠪᠦᠲᠦᠭᠡᠬᠦ ᠰᠡᠳᠭᠢᠯ ᠤᠨ ᠲᠠᠮᠢᠷ ᠲᠠᠢ ᠪᠤᠯᠵᠦ᠂ᠥᠪᠡᠷ ᠢ ᠪᠠᠨ ᠨᠡᠩ ᠬᠦᠴᠦᠷᠬᠡᠭᠵᠢᠭᠦᠯᠵᠦ᠂ ᠥᠪᠡᠷ ᠪᠤᠰᠤᠳ ᠢ ᠨᠥᠯᠥᠭᠡᠯᠡᠵᠦ ᠴᠢᠳᠠᠨ᠎ᠠ᠃ ᠡᠶᠢᠮᠦ ᠠᠴᠠ ᠬᠡᠦᠬᠡᠳ ᠢᠶᠠᠨ ᠨᠤᠮ ᠤᠨ ᠳᠠᠯᠠᠢ ᠳᠤ ᠱᠣᠩᠪᠠᠭᠤᠯᠬᠤ ᠬᠦᠰᠡᠯ ᠲᠠᠢ ᠭᠡᠷ ᠤᠨ ᠠᠬᠠᠮᠠᠳ ᠪᠡᠶ᠎ᠡ ᠪᠠᠷ ᠢᠶᠠᠨ ᠬᠡᠪ ᠳᠠᠭᠤᠷᠢᠶᠠᠯ ᠪᠣᠯᠵᠤ ᠨᠣᠮ ᠲᠠᠢ ᠬᠠᠨᠢᠯᠠᠬᠤ ᠬᠡᠷᠡᠭᠲᠡᠢ᠃     ᠬᠡᠦᠬᠡᠳ ᠲᠠᠢ ᠪᠠᠨ ᠥᠷᠭᠦᠯᠵᠢ ᠬᠠᠮᠲᠤ ᠪᠠᠶᠢᠬᠤ ᠪᠣᠯ ᠬᠡᠦᠬᠡᠳ ᠲᠤ ᠬᠦᠷᠭᠡᠬᠦ ᠬᠠᠮᠤᠭ ᠤᠨ ᠨᠠᠨᠳᠢᠨ ᠪᠡᠯᠡᠭ᠂ ᠬᠠᠮᠤᠭ ᠤᠨ ᠡᠷᠬᠢᠮ ᠵᠢᠭᠠᠨ ᠰᠤᠷᠭᠠᠬᠤ ᠳᠤᠬᠢᠶᠠᠯ ᠮᠦᠨ ᠭᠡᠵᠦ ᠲᠣᠰᠬᠠᠢ ᠮᠡᠷᠭᠡᠵᠢᠯᠲᠡᠨ ᠳᠤᠷᠠᠳᠴᠠᠢ᠃ ᠨᠡᠶᠢᠭᠡᠮ ᠠᠵᠤ ᠠᠬᠤᠢ ᠶᠢᠨ ᠳᠦᠷᠭᠡᠨ ᠬᠦᠭᠵᠢᠯᠲᠡ ᠪᠠ ᠠᠵᠤ ᠠᠮᠢᠳᠤᠷᠠᠯ ᠤᠨ ᠳᠠᠷᠤᠭᠠᠰᠤ ᠶᠢᠨ ᠵᠦᠷᠢᠴᠢᠯ ᠠᠴᠠ ᠪᠣᠯᠵᠤ  ᠂ ᠣᠯᠠᠨ ᠭᠡᠷ ᠤᠨ ᠠᠬᠠᠮᠠᠳ ᠤᠨ ᠬᠡᠦᠬᠡᠳ ᠲᠠᠢ ᠪᠠᠨ ᠬᠠᠮᠲᠦ ᠨᠣᠮ ᠣᠩᠰᠢᠬᠤ ᠪᠠᠶᠢᠲᠤᠭᠠᠢ᠂ ᠬᠠᠮᠲᠤ ᠪᠠᠶᠢᠯᠴᠠᠬᠤ ᠴᠠᠭ ᠨᠢ ᠨᠡᠩ ᠣᠬᠤᠷ ᠪᠣᠯᠵᠠᠢ᠃ ᠭᠡᠷ ᠤᠨ ᠠᠬᠠᠠᠮᠳ ᠦᠷ᠎ᠡ ᠬᠡᠦᠬᠡᠳ ᠢᠶᠠᠨ ᠰᠤᠷᠭᠠᠬᠤ ᠡᠭᠦᠷᠭᠡ ᠬᠠᠷᠢᠭᠤᠴᠠᠯᠭ᠎ᠠ ᠪᠠᠨ ᠪᠤᠰᠣᠳ ᠲᠤ ᠨᠠᠶᠢᠳᠠᠪᠠᠯ ᠭᠡᠷ ᠤᠨ ᠰᠤᠷᠭᠠᠯ ᠳᠤ ᠠᠰᠠᠭᠤᠳᠠᠯ ᠭᠠᠷᠬᠤ ᠨᠢ ᠯᠠᠪᠲᠠᠢ᠃ ᠡᠶᠢᠮᠦ ᠠᠴᠠ ᠭᠡᠷ ᠤᠨ ᠠᠬᠠᠮᠠᠳ ᠠᠵᠢᠯ ᠠᠮᠢᠳᠤᠷᠠᠯ ᠢᠶᠠᠨ ᠵᠣᠬᠢᠰᠲᠠᠢ ᠳᠤᠬᠢᠷᠠᠭᠤᠯᠣᠨ᠂ ᠬᠡᠦᠬᠡᠳ ᠲᠠᠢ ᠪᠠᠨ ᠢᠯᠡᠭᠦᠬᠡᠨ ᠬᠠᠮᠲᠤ ᠪᠠᠶᠢᠯᠴᠠᠵᠤ᠂ ᠠᠮᠢᠳᠦᠷᠠᠯ ᠳᠣᠮᠳᠡᠬᠢ ᠡᠩ ᠤᠨ  ᠶᠣᠰᠦ ᠣᠴᠢᠷ ᠢᠶᠠᠷ ᠬᠡᠦᠬᠡᠳ ᠢᠶᠠᠨ ᠰᠤᠷᠭᠠᠵᠤ᠂ ᠥᠪᠡᠷ ᠤᠨ ᠢᠶᠠᠨ ᠡᠳᠦᠷ ᠳᠣᠲᠣᠮ ᠤᠨ ᠦᠢᠯᠡ ᠠᠵᠢᠯᠯᠠᠭ᠎ᠠ ᠪᠠᠷ ᠢᠶᠠᠨ ᠬᠡᠦᠬᠡᠳ ᠲᠡᠭᠡᠨ ᠳᠠᠭᠤᠷᠢᠶᠠᠯ ᠦᠵᠡᠭᠦᠯᠵᠦ᠂ ᠬᠡᠦᠬᠡᠳ ᠢᠶᠠᠨ ᠪᠡᠶᠡᠳᠡᠨ ᠰᠤᠷᠭᠠᠵᠣ ᠪᠠᠶᠢᠪᠠᠯ ᠵᠣᠬᠢᠨ᠎ᠠ᠃  《ᠬᠦᠮᠦᠨ  ᠪᠤᠯᠬᠤ ᠪᠠᠭ᠎ᠠ ᠠᠴᠠ ᠪᠠᠨ᠂ ᠬᠦᠯᠦᠭ  ᠪᠣᠯᠬᠤ ᠣᠨᠠᠭᠠᠨ ᠠᠴᠠ ᠪᠠᠨ》 ᠭᠡᠳᠡᠭᠴᠢᠯᠡᠨ᠂ ᠬᠡᠦᠬᠡᠳ ᠤᠨ ᠨᠣᠮ ᠣᠩᠰᠢᠬᠤ ᠰᠠᠶᠢᠬᠠᠨ ᠳᠠᠳᠬᠠᠯ ᠢ ᠭᠡᠷ ᠤᠨ ᠠᠬᠠᠮᠠᠳ ᠪᠠᠭ᠎ᠠ ᠠᠴᠠ ᠨᠢ ᠬᠦᠮᠦᠵᠢᠭᠦᠯᠪᠡᠯ ᠵᠣᠬᠢᠨ᠎ᠠ᠃ ᠪᠢᠳᠡ ᠬᠡᠦᠬᠡᠳ ᠤᠨ ᠳᠡᠷᠭᠡᠳᠡ ᠪᠠᠶᠢᠩᠭᠤ ᠨᠣᠮ ᠰᠡᠳᠭᠦᠯ ᠣᠷᠪᠠᠭᠤᠯᠵᠦ᠂ ᠬᠡᠦᠬᠡᠳ ᠢᠶᠠᠨ ᠳᠠᠮ ᠢᠶᠠᠷ  ᠨᠥᠯᠦᠭᠡᠯᠡᠬᠦ ᠠᠴᠠ ᠭᠠᠳᠠᠨ᠎ᠠ᠂ ᠣᠩᠰᠢᠬᠤ ᠳᠣᠷᠠᠲᠠᠢ᠂ ᠪᠠᠭ᠋ᠠᠲᠠᠢ ᠨᠤᠮ ᠢ ᠨᠢ ᠰᠣᠩᠭᠤᠨ ᠬᠠᠮᠲᠦ ᠪᠠᠷ ᠣᠩᠰᠢᠵᠣ᠂ ᠨᠣᠮ ᠣᠩᠰᠢᠬᠤ ᠳᠠᠳᠬᠠᠯ ᠢ ᠨᠢ ᠬᠦᠮᠦᠵᠢᠭᠦᠯᠬᠦ ᠶᠢᠨ ᠳᠠᠭᠠᠣ ᠨᠣᠮ ᠣᠩᠰᠢᠬᠤ ᠣᠷᠮ᠎ᠠ ᠪᠠᠬ᠎ᠠ ᠶᠢ ᠨᠢ ᠳᠡᠭᠡᠭᠰᠢᠯᠡᠭᠦᠯᠦᠨ᠂ ᠨᠣᠮ ᠤᠨ ᠣᠬᠠᠭᠠᠨ ᠢᠶᠠᠷ ᠬᠡᠦᠬᠡᠳ ᠢᠶᠠᠨ ᠰᠤᠷᠭᠠᠵᠣ ᠪᠠᠶᠢᠶ᠎ᠠ᠃    ᠨᠣᠮ ᠤᠨ ᠬᠦᠴᠦᠨ ᠳᠤ ᠮᠡᠳᠡᠯᠭᠡ ᠴᠢᠳᠠᠪᠣᠷᠢ ᠪᠦᠷᠢᠳᠦᠨ᠎ᠡ᠃ ᠭᠡᠷ ᠤᠨ ᠠᠬᠠᠮᠠᠳ ᠬᠡᠦᠬᠡᠳ ᠲᠡᠭᠡᠨ ᠨᠣᠮ ᠣᠩᠰᠢᠬᠤ᠂ ᠨᠣᠮ ᠪᠢᠴᠢᠭ ᠲᠠᠢ ᠬᠠᠨᠢᠯᠠᠬᠤ ᠰᠠᠶᠢᠬᠠᠨ ᠳᠠᠭᠤᠷᠢᠶᠠᠯ ᠦᠵᠡᠭᠦᠯᠵᠦ᠂ ᠬᠡᠦᠬᠡᠳ ᠤᠨ ᠢᠶᠠᠨ ᠨᠣᠮ ᠣᠩᠰᠢᠬᠤ ᠳᠠᠳᠬᠠᠯ ᠢ ᠪᠤᠢ  ᠪᠣᠯᠭᠠᠨ᠂ ᠪᠢᠯᠢᠭ ᠤᠨ ᠬᠡᠬᠡᠷ ᠲᠡᠭᠡᠨ ᠬᠠᠮᠲᠦᠪᠡᠷ ᠮᠣᠷᠳᠠᠨ ᠭᠠᠯᠭᠢᠭᠤᠯᠵᠤ ᠶᠠᠪᠣᠵᠠᠭᠠᠶ᠎ᠠ᠃
 
ᠢᠷᠡᠯᠲᠡ᠄ ᠥᠪᠥᠷ ᠮᠥᠩᠭᠤᠯ ᠤᠨ ᠡᠳᠦᠷ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号