ᠮᠤᠩᠭᠤᠯᠴᠤᠳ ᠤᠨ ᠰᠠᠪᠠ ᠬᠤᠭᠤᠰᠤᠯᠠᠬᠤ ᠦᠭᠡᠢ ᠶᠤᠰᠤᠨ
ᠨᠡᠶᠢᠲᠡᠯᠡᠭᠰᠡᠨ ᠴᠠᠭ᠄
2017/7/13
        ᠮᠤᠩᠭᠤᠯ ᠬᠦᠮᠦᠨ ᠡᠷᠳᠡ ᠤᠷᠢᠳᠦ ᠠᠴᠠ ᠪᠠᠨ ᠠᠶᠢᠯ ᠳᠤ ᠪᠠᠭᠤᠵᠦ ᠴᠠᠢ ᠤᠰᠤ ᠤᠤᠭᠤᠬᠤ ᠪᠤᠶᠤ ᠬᠤᠭᠤᠯᠠ ᠪᠤᠳᠠᠭ᠎ᠠ ᠢᠳᠡᠭᠦ ᠳᠡᠭᠡᠨ᠂ ᠠᠶᠢᠯ ᠤᠨ ᠳᠠᠯᠪᠢᠵᠦ ᠦᠭᠭᠦᠭᠰᠡᠨ ᠪᠤᠤᠪᠤ ᠪᠤᠭᠤᠷᠰᠤᠭ᠂ ᠰᠢᠬᠢᠷ ᠵᠢᠮᠢᠰ᠂ ᠬᠤᠷᠤᠳ ᠴᠠᠭ᠎ᠠ ᠪᠤᠶᠤ ᠮᠢᠬ᠎ᠠ ᠰᠢᠬᠦᠰᠦ ᠶᠢ ᠳᠠᠪᠠᠭ᠂ ᠰᠠᠪᠠ ᠶᠢ ᠨᠢ  ᠬᠤᠭᠤᠰᠤᠷᠠᠳᠠᠯ᠎ᠠ ᠢᠳᠡᠬᠦ᠂ ᠤᠤᠭᠤᠬᠤ ᠶᠢ  ᠮᠠᠰᠢᠳᠠ ᠴᠠᠭᠡᠷᠯᠡᠳᠡᠭ᠃ ᠡᠭᠦᠨ ᠢ ᠰᠠᠪᠠ ᠬᠤᠭᠤᠰᠤᠯᠠᠬᠤ ᠦᠭᠡᠢ ᠶᠤᠰᠤᠨ ᠭᠡᠳᠡᠭ᠃ ᠵᠠᠷᠢᠮ ᠭᠠᠵᠠᠷ ᠳᠠᠪᠠᠭ ︵ᠫᠢᠯᠠ︶ ᠬᠤᠭᠤᠰᠤᠯᠠᠬᠤ ᠦᠭᠡᠢ ᠶᠤᠰᠤᠨ ᠴᠤ ᠭᠡᠳᠡᠭ᠃         ᠮᠤᠩᠭᠤᠯ ᠬᠦᠮᠦᠨ ᠵᠤᠴᠢᠨᠰᠠᠭ᠃ ᠮᠤᠩᠭᠤᠯ ᠨᠤᠳᠤᠭ ᠦᠷᠭᠡᠨ ᠠᠭᠤᠳᠠᠮ᠂ ᠵᠠᠮ ᠮᠦᠷ ᠬᠤᠯᠠ᠂  ᠶᠠᠪᠤᠵᠦ  ᠰᠠᠭᠤᠬᠤ ᠴᠠᠭ ᠤᠷᠳᠦ᠃ ᠭᠡᠨ ᠳᠤ ᠪᠤᠯᠤᠭᠰᠨ ᠴᠤ᠂ ᠭᠡᠵᠢᠶ᠎ᠡ᠂ ᠶᠠᠮᠠᠷ ᠴᠠᠭ ᠦᠶ᠎ᠠ ᠳᠤ ᠴᠤ ᠭᠡᠰᠡᠨ᠂ ᠠᠶᠢᠯ ᠳᠤ ᠤᠴᠢᠵᠦ ᠵᠤᠴᠢᠯᠠᠭᠳᠠᠬᠤ ᠪᠤᠶᠤ ᠵᠠᠮ ᠮᠦᠷ ᠬᠦᠭᠡᠭᠡᠵᠦ ᠶᠠᠪᠤᠵᠦ ᠪᠠᠶᠢᠭᠠᠳ ᠠᠶᠢᠯ ᠳᠤ ᠪᠠᠭᠤᠵᠦ ᠰᠠᠭᠤᠵᠦ ᠴᠠᠢ ᠤᠰᠤ ᠤᠤᠭᠤᠬᠤ᠂ ᠬᠤᠭᠤᠯᠠ  ᠪᠤᠳᠠᠭ᠎ᠠ ᠢᠳᠡᠬᠦ ᠶᠠᠪᠤᠳᠠᠯ ᠤᠯᠠᠨ ᠳᠤᠬᠢᠶᠠᠯᠳᠤᠳᠠᠭ᠃ ᠠᠯᠢ ᠨᠢᠭᠡᠨ ᠠᠶᠢᠯ ᠡᠷᠦᠭᠡ  ᠳᠤ ᠨᠢ ᠴᠤ ᠭᠡᠰᠡᠨ᠂ ᠵᠠᠯᠠᠭᠰᠠᠨ ᠵᠤᠴᠢᠨ ᠢᠷᠡᠬᠦ  ᠪᠤᠶᠤ ᠵᠠᠮ ᠮᠦᠷ ᠶᠠᠪᠤᠵᠦ ᠬᠦᠬᠡᠬᠡᠵᠦ ᠪᠠᠶᠢᠭᠰᠠᠨ ᠬᠦᠮᠦᠨ ᠪᠠᠭᠤᠵᠦ ᠰᠠᠭᠤᠭᠠᠳ ᠭᠠᠷᠬᠤ ᠶᠠᠪᠤᠳᠠᠯ ᠴᠤ ᠵᠦᠩᠳᠡᠭᠡᠨ ᠳᠤᠬᠢᠶᠠᠯᠳᠤᠳᠠᠭ᠃ ᠪᠠᠭᠤᠭᠠᠳ ᠯᠠ ᠭᠠᠷᠳᠠᠭ᠂ ᠪᠤᠴᠠᠭᠠᠳ ᠯᠠ ᠮᠤᠷᠳᠠᠳᠠᠭ᠃ ᠠᠯᠢ ᠨᠢᠭᠡᠨ ᠠᠶᠢᠯ ᠡᠷᠦᠭᠡ ᠨᠢ ᠪᠤᠯᠤᠭᠰᠠᠨ ᠴᠤ᠂  ᠳᠠᠨᠢᠬᠤ᠂  ᠳᠠᠨᠢᠬᠤ ᠦᠭᠡᠢ  ᠬᠦᠮᠦᠨ  ᠢᠷᠠᠯ᠎ᠠ  ᠭᠡᠳ  ︽ᠴᠠᠢ  ᠴᠤ ᠦᠭᠡᠢ᠂ ᠴᠢᠷᠡᠢ ᠴᠤ ᠦᠭᠡᠢ︾  ᠴᠠᠮᠪᠠᠶᠢᠵᠦ ᠳᠠᠮᠪᠠᠶᠢᠵᠦ ᠰᠠᠭᠤᠭᠠᠳ ᠦᠩᠭᠡᠷᠡᠭᠡᠴᠢᠭᠡᠳᠡᠭ ᠦᠭᠡᠢ᠃ ᠭᠡᠨ ᠨᠢ  ᠢᠷᠡᠭᠰᠡᠨ  ᠴᠤ  ᠬᠠᠮᠢᠶ᠎ᠠ ᠦᠭᠡᠢ᠂  ᠪᠤᠤᠪᠤ  ᠪᠤᠭᠤᠷᠰᠤᠭ ᠢᠶᠠᠨ ᠭᠠᠷᠭᠠᠵᠦ᠂ ᠰᠢᠬᠢᠷ ᠵᠢᠮᠢᠰ ᠢᠶᠠᠨ ᠳᠠᠯᠪᠢᠵᠦ᠂ ᠴᠠᠢ ᠤᠰᠤ ᠪᠠᠨ ᠠᠶᠠᠭᠠᠯᠠᠵᠦ ᠦᠭᠳᠡᠭ᠃        ᠠᠶᠢᠯ ᠳᠤ ᠵᠠᠯᠠᠭᠳᠠᠵᠦ ᠤᠴᠢᠭᠰᠠᠨ ᠵᠤᠴᠢᠨ ᠪᠤᠶᠤ ᠵᠠᠮ ᠢᠶᠠᠷ ᠢᠶᠠᠨ ᠬᠦᠷᠦᠭᠰᠡᠨ ᠭᠡᠶᠢᠴᠢᠨ ᠭᠡᠰᠡᠨ ᠴᠤ᠂ ᠭᠡᠨ ᠨᠢ ᠴᠤ ᠪᠤᠯᠤᠭᠰᠠᠨ᠂ ᠶᠠᠮᠠᠷ ᠪᠠᠶᠢᠳᠠᠯ ᠳᠤᠤᠷ᠎ᠠ ᠴᠤ ᠭᠡᠰᠡᠨ᠂ ︽ᠢᠳᠠ᠂ ᠤᠤᠭᠤ ᠭᠡᠰᠡᠨ ᠶᠤᠮ᠂ ᠡᠷᠢᠶ᠎ᠡ ᠦᠭᠡᠢ ᠶᠤᠮ᠂ ᠵᠢᠷᠤᠭ᠎ᠠ ᠦᠭᠡᠢ ᠶᠤᠮ᠃  ᠳᠠᠯᠪᠢᠭᠠᠳ‌ᠦᠭᠴᠢᠭᠡᠭᠰᠡᠨ ᠶᠤᠮ ᠴᠢᠨᠢ᠂ ᠳᠠᠪᠠᠭ ᠢ   ᠨᠢ ᠬᠤᠭᠤᠰᠤᠷᠠᠳᠠᠯ᠎ᠠ ᠢᠳᠠᠴᠢᠭᠡᠶ᠎ᠡ᠂ ᠤᠤᠭᠤᠴᠢᠬᠠᠶ᠎ᠠ᠂ ᠪᠠᠷᠠᠭᠠᠴᠢᠬᠠᠶ᠎ᠠ︾ ᠭᠡᠳ ᠳᠠᠯᠪᠢᠵᠦ ᠦᠭᠭᠦᠭᠰᠡᠨ ᠶᠠᠭᠤᠮ᠎ᠠ ᠶᠢ ᠨᠢ ︵ᠪᠤᠳᠠᠭ᠎ᠠ᠂ ᠬᠤᠭᠤᠯᠠ ᠴᠤ ᠪᠠᠭᠳᠠᠨ᠎ᠠ︶ ᠳᠠᠪᠠᠭ ᠰᠠᠪᠠ ᠶᠢ ᠨᠢ ᠬᠤᠭᠤᠰᠤᠷᠠᠳᠠᠯ᠎ᠠ ᠢᠳᠠᠴᠢᠭᠡᠳᠡᠭ ᠦᠭᠡᠢ᠂ ᠤᠤᠭᠤᠴᠢᠬᠠᠳᠠᠭ ᠦᠭᠡᠢ᠃ ᠳᠠᠯᠪᠢᠵᠦ ᠦᠭᠭᠦᠭᠰᠡᠨ ᠶᠠᠭᠤᠮ᠎ᠠ ᠨᠢ ᠠᠷᠪᠢᠨ — ᠬᠦᠷᠦᠯᠴᠠᠭᠡᠳᠡᠢ ᠪᠤᠯ ᠴᠠᠳᠳᠠᠯ᠎ᠠ ᠪᠤᠶᠤ ᠦᠯ ᠢᠶᠠᠨ ᠳᠠᠷᠤᠵᠦ ᠠᠩᠭᠠᠭ᠎ᠠ ᠴᠠᠩᠭᠠᠭ᠎ᠠ ᠪᠠᠨ ᠳᠠᠶᠢᠯᠳᠠᠯ᠎ᠠ ᠢᠳᠠᠵᠦ ᠤᠤᠭᠤᠵᠦ᠂ ᠳᠠᠯᠪᠢᠵᠦ ᠦᠭᠭᠦᠭᠰᠡᠨ ᠶᠠᠭᠤᠮ᠎ᠠ ᠨᠢ ᠪᠠᠭ᠎ᠠ᠂ ᠴᠦᠭᠡᠨ᠂ ᠬᠦᠷᠦᠯᠴᠡᠭᠡ ᠪᠠᠷ ᠠᠨᠠᠢ ᠰᠢᠭ᠋ ᠪᠤᠯ ᠠᠮᠬᠠᠷᠠᠭᠠᠳ ᠪᠤᠶᠤ ᠠᠮᠰᠠᠭᠠᠳ ᠳᠠᠯᠪᠢᠴᠢᠬᠠᠳᠠᠭ᠃ ᠠᠩᠭᠠᠭ᠎ᠠ ᠴᠠᠩᠭᠠᠭ᠎ᠠ ᠪᠠᠨ ᠪᠠᠭ᠎ᠠ ᠳᠠᠷᠤᠭᠠᠳ ᠪᠤᠯᠭᠠᠴᠢᠬᠠᠳᠠᠭ᠃ ᠶᠠᠭᠠᠬᠢᠵᠦ ᠶᠡᠭᠡ ᠦᠯᠦᠰᠴᠤ ᠬᠠᠷᠠᠩᠭᠠᠰᠴᠤ ᠠᠩᠭᠠᠵᠦ ᠴᠠᠩᠭᠠᠵᠦ ᠪᠠᠶᠢᠭᠰᠠᠨ ᠴᠤ᠂  ︽ᠭᠡᠰᠢᠭ︾᠂  ︽ᠳᠡᠭᠡᠵᠢ︾᠂  ︽ᠪᠤᠶᠠᠨ︾ ᠢ ᠨᠢ ᠦᠯᠡᠳᠡᠭᠡᠶ᠎ᠡ ᠭᠡᠳ᠂ ᠳᠠᠯᠪᠢᠵᠦ ᠦᠭᠭᠦᠭᠰᠡᠨ ᠪᠤᠳᠠᠭ᠎ᠠ᠂ ᠬᠤᠭᠤᠯᠠ ᠪᠤᠶᠤ ᠢᠳᠡᠭᠡᠨ ᠤᠮᠳᠠᠭᠠᠨ ᠠᠴᠠ ᠨᠢ ᠳᠠᠪᠠᠭ᠂ ᠰᠠᠪᠠ᠂ ᠭᠡᠷᠡᠭᠰᠡᠯ ᠤᠨ ᠬᠢᠨᠢ ᠢᠷᠤᠭᠠᠷ ᠲᠤ ᠨᠢᠭᠡ ᠬᠤᠶᠡᠷ ᠭᠡᠰᠡᠭ ︵ᠰᠢᠷᠭᠡᠭ︶ ᠪᠤᠶᠤ ᠨᠢᠭᠡ ᠬᠤᠶᠠᠷ ᠤᠤᠭᠤᠴᠢ ︵ᠠᠮᠠ︶ ᠴᠤ ᠭᠡᠰᠡᠨ  ᠦᠯᠡᠳᠡᠭᠡᠵᠦ ᠦᠭᠭᠦᠭᠡᠳ ᠮᠤᠷᠳᠠᠳᠠᠭ᠃        ᠮᠤᠩᠭᠤᠯᠴᠤᠳ᠂ ᠠᠶᠢᠯ ᠳᠤ ᠤᠴᠢᠭᠰᠠᠨ ᠭᠡᠶᠢᠴᠢᠨ ᠵᠤᠴᠢᠨ ᠠᠶᠢᠯ ᠤᠨ ᠳᠠᠯᠪᠢᠵᠦ ᠦᠭᠭᠦᠭᠰᠡᠨ ᠶᠠᠭᠤᠮ᠎ᠠ ᠶᠢ ᠳᠠᠪᠠᠭ᠂ ᠰᠠᠪᠠ ᠶᠢ ᠨᠢ ᠬᠤᠭᠤᠰᠤᠷᠠᠳᠠᠯ᠎ᠠ ᠢᠳᠡᠭᠦ ᠤᠤᠭᠤᠬᠤ ᠨᠢ ᠶᠤᠰᠤ ᠦᠭᠡᠢ ᠮᠤᠷᠠᠯ ᠦᠭᠡᠢ᠂ ᠶᠠᠭᠤᠮ᠎ᠠ ᠮᠠᠳᠡᠭᠦ  ᠦᠭᠡᠢ ᠶᠢᠨ ᠬᠢ︔ ᠪᠤᠰᠤᠳ ᠲᠤ ᠪᠤᠷᠤ ᠪᠦᠳᠦᠬᠦᠯᠢᠭ᠂ ᠦᠯᠦᠩᠭᠡᠷ ᠬᠤᠪᠳᠤᠭ ᠭᠡᠵᠦ ᠭᠡᠯᠡᠭᠳᠡᠨ᠎ᠡ᠂ ᠬᠠᠷᠠᠭᠳᠠᠨ᠎ᠠ ᠭᠡᠵᠦ ᠦᠵᠠᠳᠡᠭ᠃         ᠠᠶᠢᠯ ᠳᠤ ᠵᠠᠯᠠᠭᠳᠠᠵᠦ ᠵᠤᠴᠢᠯᠠᠭᠳᠠᠬᠤ ᠪᠤᠶᠤ ᠠᠮᠢ ᠪᠠᠷ ᠢᠶᠠᠨ —  ᠵᠠᠮ ᠢᠶᠠᠷ ᠢᠶᠠᠨ ᠤᠴᠢᠵᠦ ᠬᠤᠭᠤᠯᠠ ᠪᠤᠳᠠᠭ᠎ᠠ ᠢᠳᠡᠭᠦ᠂ ᠴᠠᠢ ᠤᠰᠤ ᠤᠤᠭᠤᠬᠤ ᠳᠤ᠂ ᠠᠩᠬᠠᠷᠬᠤ ᠴᠢᠬᠤᠯᠠ ᠲᠠᠢ ᠵᠦᠢᠯᠠᠰ ᠪᠤᠶᠤ ᠮᠠᠳᠡᠬᠦ ᠴᠢᠬᠤᠯᠠ ᠲᠠᠢ ᠵᠦᠢᠯᠠᠰ ᠠᠩᠬ᠎ᠠ ᠤᠷᠢᠳᠦ ᠠᠴᠠ ᠪᠠᠨ ᠠᠪᠤᠭᠠᠳ ᠡᠶᠢᠮᠦ ᠤᠯᠠᠨ︕ ᠡᠶᠢᠮᠦ ᠤᠯᠠᠨ ᠶᠤᠰᠤ ᠭᠤᠷᠢᠮ  ᠲᠠᠢ︕        ᠤᠳᠤ ᠴᠤ ᠭᠡᠰᠡᠨ᠂ ᠭᠡᠨ ᠬᠦᠮᠦᠨ ᠭᠡᠷᠪᠡ ᠠᠶᠢᠯ ᠳᠤ ᠵᠠᠯᠠᠭᠳᠠᠵᠦ ᠵᠤᠴᠢᠨ ᠪᠤᠯᠬᠤ ᠪᠤᠶᠤ ᠠᠶᠢᠯᠴᠢᠯᠠᠵᠦ  ᠳᠤᠭᠤᠷᠢᠵᠦ ᠤᠴᠢᠭᠠᠳ᠂ ᠴᠠᠢ ᠤᠰᠤ ᠤᠤᠭᠤᠬᠤ᠂ ᠬᠤᠭᠤᠯᠠ ᠪᠤᠳᠠᠭ᠎ᠠ ᠢᠳᠡᠭᠦ᠂ ᠵᠢᠴᠢ ᠠᠶᠢᠯ ᠤᠨ ᠳᠠᠯᠪᠢᠵᠦ ᠦᠭᠦᠭᠰᠡᠨ ᠪᠤᠤᠪᠤ ᠪᠤᠭᠤᠷᠰᠤᠭ᠂ ᠰᠢᠬᠢᠷ ᠵᠢᠮᠢᠰ᠂ ᠢᠳᠡᠭᠡᠨ ᠤᠮᠳᠠᠭᠠᠨ ᠢ ᠢᠳᠠᠵᠦ ᠤᠤᠭᠤᠬᠤ ᠳᠠᠭᠠᠨ᠂ ᠡᠷᠢᠶᠡᠯᠡᠵᠦ ᠨᠠᠷᠢᠯᠠᠬᠤ ᠶᠢ ᠮᠠᠳᠠᠯ ᠦᠭᠡᠢ ᠪᠠᠷ ᠳᠠᠪᠠᠭ ᠰᠠᠪᠠ ᠶᠢ ᠨᠢ ᠬᠤᠭᠤᠰᠤᠷᠠᠳᠠᠯ᠎ᠠ ᠢᠳᠡᠴᠢᠭᠡᠭᠦ᠂ ᠤᠤᠭᠤᠴᠢᠬᠠᠬᠤ ᠶᠤᠮ ᠪᠤᠯ᠂ ᠳᠠᠷᠠ ᠴᠤᠬᠤᠮ ᠶᠤᠰᠤ ᠦᠭᠡᠢ ᠮᠤᠷᠠᠯ ᠦᠭᠡᠢ᠂ ᠶᠠᠭᠤᠮ᠎ᠠ ᠮᠠᠳᠡᠬᠦ ᠦᠭᠡᠢ᠂ ᠪᠤᠷᠤ ᠪᠦᠳᠦᠭᠦᠯᠢᠭ᠂ ᠦᠯᠦᠩᠭᠡᠷ ᠬᠤᠪᠳᠤᠭ ᠠᠮᠢᠳᠠᠨ ᠭᠡᠵᠦ ᠦᠷᠦᠭᠡᠯ ᠪᠤᠰᠤᠳ ᠲᠤ ᠭᠡᠯᠡᠭᠳᠡᠬᠦ᠂ ᠬᠠᠷᠠᠭᠳᠠᠬᠤ ᠨᠢ ᠳᠠᠷᠠ ᠪᠢᠯᠠ︕         ᠦᠨᠦ ᠴᠠᠭ ᠤᠨ ᠬᠡᠤᠬᠡᠳ ᠪᠠᠭᠠᠴᠤᠳ ᠡᠬᠦᠨ ᠢ ︵ᠮᠤᠩᠭᠤᠯᠴᠤᠳ ᠤᠨ ᠰᠠᠪᠠ ᠬᠤᠭᠤᠰᠤᠯᠠᠬᠤ ᠦᠭᠡᠢ ᠶᠤᠰᠤᠨ   ᠢ︶ ᠳᠠᠨᠠᠷ ᠮᠠᠳᠠᠵᠦ ᠠᠪ︕ ᠰᠠᠨᠠᠭ᠎ᠠ ᠪᠤᠳᠤᠯ ᠳᠠᠭᠠᠨ ᠠᠪᠴᠤ ᠰᠠᠬᠢᠵᠦ ᠬᠢᠴᠢᠶᠠᠮᠵᠢᠯᠠᠵᠦ ᠶᠠᠪᠤ︕  ᠠᠶᠢᠯ ᠠᠶᠢᠮᠠᠭ ᠢᠶᠠᠷ ᠵᠶ᠋ᠠᠨ‌ᠠᠶᠢᠯᠴᠢᠯᠠᠵᠦ ᠳᠤᠭᠤᠷᠢᠵᠦ ᠤᠴᠢᠬᠤ ᠳᠠᠭᠠᠨ᠂ ᠴᠠᠢ ᠤᠰᠤ ᠤᠤᠭᠤᠵᠦ ᠬᠤᠭᠤᠯᠠ ᠪᠤᠳᠠᠭ᠎ᠠ ᠢᠳᠡᠬᠦ ᠪᠤᠶᠤ ︽ᠢᠳᠠ᠂ ᠤᠤᠭᠤ︾ ᠭᠡᠵᠦ ᠳᠠᠯᠪᠢᠵᠦ ᠦᠭᠭᠦᠭᠰᠡᠨ ᠢᠳᠡᠭᠡᠨ ᠤᠮᠳᠠᠭᠠᠨ ᠢ ᠨᠢ ᠢᠳᠡᠵᠦ ᠤᠤᠭᠤᠬᠤ ᠳᠠᠭᠠᠨ᠂ ᠡᠪ ᠵᠦᠢ ᠶᠢ ᠨᠢ ᠬᠠᠷᠠᠵᠦ᠂ ᠡᠷᠢᠶᠡᠯᠡᠵᠦ ᠨᠠᠷᠢᠯᠠᠵᠦ — ᠳᠠᠩᠴᠠᠬᠦᠯᠵᠦ ᠵᠤᠬᠢᠴᠠᠭᠤᠯᠵᠦ ᠢᠳᠡᠵᠦ ᠤᠤᠭᠤᠵᠦ ᠰᠤᠷ︕ ᠪᠢᠳᠡᠭᠡᠢ ᠯᠠ ᠳᠠᠪᠠᠭ᠂  ᠰᠠᠪᠠ ᠶᠢ ᠨᠢ ᠬᠢᠯᠠᠶᠢᠳᠠᠯ᠎ᠠ ᠳᠠᠭᠠᠷᠴᠤᠭ ᠤᠭᠤᠳᠠ ᠶᠢ ᠨᠢ ᠤᠩᠭᠤᠶᠢᠳᠠᠯ᠎ᠠ ᠢᠳᠡᠴᠢᠭᠡ᠂ ᠤᠤᠭᠤᠴᠢᠬ᠎ᠠ︕                                                                                ᠲᠤᠷᠤᠨ᠎ᠠ
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号