ᠣᠩᠨᠢᠭᠤᠳ ᠮᠣᠩᠭᠤᠯᠴᠣᠳ ᠤᠨ ᠭᠡᠷ ᠤᠨ ᠰᠣᠷᠭᠠᠯ
ᠨᠡᠶᠢᠲᠡᠯᠡᠭᠰᠡᠨ ᠴᠠᠭ᠄
2017-07-27
      ᠣᠩᠨᠢᠭᠤᠳ ᠮᠣᠩᠭᠤᠯᠴᠣᠳ ᠡᠷᠳᠡ ᠢᠵᠠᠭᠤᠷ ᠠᠴᠠ ᠪᠠᠨ ᠭᠡᠷ ᠤᠨ ᠶᠣᠰᠣ ᠵᠢᠷᠣᠮ ᠤᠨ ᠰᠣᠷᠭᠠᠯ ᠶᠣᠰᠣ  ᠶᠢ ᠲᠡᠷᠢᠭᠦᠨ ᠳᠤ ᠳᠠᠯᠪᠢᠵᠥ᠂ ᠬᠡᠷ ᠤᠨ ᠰᠣᠷᠭᠠᠯ ᠶᠣᠰᠣ ᠪᠤᠯ ᠨᠡᠶᠢᠬᠡᠮ ᠨᠡᠶᠢᠳᠡ ᠶᠢᠨ ᠰᠣᠷᠭᠠᠯ ᠶᠣᠰᠣᠨ ᠤ ᠥᠨᠳᠣᠰᠣ ᠮᠥᠨ ᠭᠡᠵᠥ ᠥᠵᠡᠳᠡᠭ᠃ ᠨᠢᠯᠬ᠎ᠠ ᠪᠠᠯᠴᠢᠷ ᠬᠡᠥᠭᠡᠳ ᠢ ᠰᠣᠷᠭᠠᠬᠤ ᠨᠢ ᠣᠩᠨᠢᠭᠤᠳ ᠮᠣᠩᠭᠤᠯᠴᠣᠳ ᠤᠨ ᠭᠡᠷ ᠤᠨ ᠰᠣᠷᠭᠠᠯ ᠤᠨ ᠡᠬᠢᠯᠡᠯ ᠪᠤᠯᠤᠨ᠎ᠠ᠃       ᠨᠢᠯᠬ᠎ᠠ ᠪᠠᠭ᠎ᠠ ᠬᠡᠦᠬᠡᠳ ᠢ ᠳᠦᠷᠦᠭᠡᠳ ᠬᠡᠳᠣᠬᠡᠨ ᠭᠠᠷᠠᠭ ᠪᠤᠯᠣᠮᠠᠭᠴᠠ ᠴᠠᠭ ᠮᠦᠴᠡ ᠲᠠᠢ ᠬᠦᠬᠦᠬᠦᠯᠬᠦ᠂ ᠳᠣᠭᠳᠠᠭᠰᠠᠨ ᠴᠠᠭ ᠲᠤ ᠪᠤᠰᠬᠠᠵᠥ ᠦᠯᠥᠬᠡᠢ ᠠᠴᠠ ᠨᠢ ᠳᠠᠶᠢᠯᠵᠥ ᠠᠪᠬᠤ᠂ ᠳᠣᠰᠴᠣ ᠰᠢᠬᠡᠯᠬᠡᠬᠦ ᠁ ᠵᠡᠷᠭᠡ ᠶᠢ ᠢᠳᠡᠭ ᠠᠯᠬᠤᠮ ᠢᠶᠠᠷ ᠡᠬᠢᠯᠡᠨ ᠪᠤᠯᠪᠠᠰᠣᠷᠣᠭᠤᠯᠵᠥ ᠪᠠᠶᠢᠳᠠᠭ᠃      ᠭᠤᠷᠪᠠ ᠠᠴᠠ ᠲᠠᠪᠤᠨ ᠨᠠᠰᠣᠲᠠᠢ ᠬᠡᠥᠬᠡᠳ ᠲᠤ ᠴᠡᠪᠡᠷ ᠲᠣᠳᠣ ᠥᠭᠡ ᠬᠡᠯᠡᠬᠦ ᠬᠥᠮᠥᠵᠢᠯ ᠬᠢᠳᠡᠭ᠃ ᠡᠭᠦᠨ  ᠳᠤ ᠶᠠᠭᠤᠨ ᠤ ᠡᠮᠥᠨ᠎ᠡ ᠭᠡᠷ ᠤᠨ ᠠᠬᠠᠰ ᠵᠠᠬᠠᠰ ᠨᠢ ᠥᠪᠡᠷ ᠤᠨ ᠪᠡᠶ᠎ᠡ ᠶᠢᠨ ᠢᠶᠠᠨ ᠬᠡᠳᠣᠢ ᠨᠠᠰᠣ ᠲᠠᠢ᠂ ᠶᠠᠮᠠᠷ ᠶᠠᠮᠠᠷ ᠵᠢᠯ ᠲᠠᠢ ᠪᠤᠯᠬᠤ ᠶᠢ ᠵᠢᠭᠠᠨ ᠥᠭᠳᠡᠭ᠃ ᠳᠠᠷᠠᠭ᠎ᠠ ᠪᠠᠷ ᠨᠢ ᠭᠡᠷ ᠳᠣᠳᠣᠷᠠᠬᠢ ᠡᠳ᠋ᠯᠡᠯ ᠬᠡᠷᠡᠭᠰᠡᠯ ᠤᠨ ᠨᠡᠷᠡᠶᠢᠳᠣᠯ ᠵᠢᠴᠢ ᠮᠠᠯ ᠣᠨᠤᠭ᠎ᠠ ᠶᠢᠨ ᠲᠥᠭᠦᠮ ᠨᠡᠷᠡᠶᠢᠳᠣᠯ ᠵᠡᠷᠭᠡ ᠶᠢ ᠵᠢᠭᠠᠵᠥ ᠥᠭᠳᠡᠭ᠃ ᠥᠭᠡ ᠣᠶᠢᠯᠠᠭᠠᠵᠥ ᠲᠥᠬᠦᠭᠡᠷᠬᠦ ᠪᠤᠯᠤᠮᠠᠭᠴᠠ ᠲᠡᠳᠡᠨ ᠳᠤ ᠶᠣᠰᠣ ᠨᠣᠮ ᠲᠠᠢ ᠪᠠᠶᠢᠵᠥ᠂ ᠥᠶ᠎ᠡ ᠬᠤᠷᠠᠭ ᠤᠨ ᠬᠤᠭᠤᠷᠣᠨᠳᠣ ᠪᠠᠨ ᠡᠶ᠎ᠡ ᠨᠠᠶᠢᠷ ᠲᠠᠢ ᠥᠪᠡᠷ ᠤᠨ ᠭᠡᠷ ᠤᠨ ᠠᠬᠠᠮᠠᠳ ᠠᠪᠤ ᠡᠵᠢ ᠠᠬ᠎ᠠ ᠡᠭᠡᠴᠢ᠂ ᠠᠶᠢᠯ ᠠᠶᠢᠮᠠᠭ ᠤᠨ ᠢᠶᠠᠨ ᠠᠬᠠᠮᠠᠳ ᠬᠥᠮᠥᠰ ᠲᠤ ᠬᠠᠷᠢᠭᠤ ᠬᠡᠯᠡᠬᠦ ᠥᠭᠡᠢ᠂ ᠨᠡᠷ᠎ᠡ ᠪᠠᠷ ᠨᠢ ᠳᠠᠭᠤᠳᠠᠬᠤ ᠥᠭᠡᠢ ᠵᠡᠷᠭᠡ ᠵᠠᠩ ᠵᠠᠩᠰᠢᠯ ᠲᠠᠢ ᠪᠤᠯᠭᠠᠬᠤ ᠪᠠᠷ ᠱᠠᠭᠠᠷᠳᠠᠳᠠᠭ       ᠳᠠᠪᠤ ᠠᠴᠠ ᠨᠠᠢᠮᠠᠨ ᠨᠠᠰᠣᠨ ᠤ ᠬᠤᠭᠤᠷᠥᠨᠳᠣ ᠰᠠᠶᠢᠨ ᠪᠠ ᠮᠠᠭᠤ ᠶᠢ ᠠᠩᠬ᠎ᠠ ᠠᠯᠬᠤᠮ ᠢᠯᠭᠠᠨ ᠳᠠᠨᠢᠵᠥ ᠳᠡᠶᠢᠯᠬᠦ ᠴᠢᠳᠠᠪᠥᠷᠢ ᠶᠢᠨ ᠬᠥᠮᠥᠵᠢᠯ ᠢ ᠬᠢᠳᠡᠭ᠃ ᠣᠨᠴᠠᠭᠠᠶᠢᠯᠠᠨ ᠬᠤᠳᠠᠯ ᠥᠭᠡ ᠬᠡᠯᠡᠬᠦ᠂ ᠪᠤᠰᠣᠳ ᠤᠨ ᠶᠠᠭᠤᠮ᠎ᠠ  ᠶᠢ ᠨᠢᠭᠤᠵᠥ ᠳᠠᠷᠣᠬᠤ᠂ ᠬᠤᠯᠠᠭᠠᠶᠢᠯᠠᠵᠥ ᠠᠪᠬᠤ᠂ ᠪᠤᠰᠣᠳ ᠢ ᠶᠣᠵᠣᠯᠠᠨ ᠳᠠᠭᠠᠷᠢᠬᠤ ᠬᠠᠭᠤᠷᠣᠨ ᠮᠡᠬᠡᠯᠡᠬᠦ᠂ ᠬᠠᠷᠢᠶᠠᠵᠥ ᠴᠣᠬᠢᠬᠤ᠂ ᠠᠬᠠᠮᠠᠳ ᠤᠨ ᠰᠣᠷᠭᠠᠯ ᠢ ᠠᠪᠬᠤ ᠥᠭᠡᠢ ᠵᠡᠷᠭᠡ ᠶᠣᠰᠣ ᠨᠣᠮ ᠥᠭᠡᠢ ᠰᠣᠷᠳᠡᠯ ᠢ ᠪᠤᠷᠣᠭᠤᠰᠢᠶᠠᠨ ᠵᠢᠮᠡᠯᠡᠳᠡᠭ᠃ ᠥᠨᠡᠨ ᠥᠭᠡ ᠬᠡᠯᠡᠵᠥ ᠥᠨᠡᠨᠴᠢ ᠬᠥᠮᠥᠨ ᠪᠤᠯᠵᠥ ᠨᠣᠮᠣᠬᠠᠨ ᠳᠠᠷᠣᠤ ᠪᠠᠶᠢᠬᠤ ᠬᠡᠷᠡᠭᠳᠠᠢ ᠭᠡᠵᠥ ᠰᠣᠷᠭᠠᠯ ᠬᠠᠶᠢᠷᠠᠯᠠᠳᠠᠭ᠃ ᠡᠬᠦᠨ ᠤ ᠳᠠᠭᠠᠣ ᠳᠤ ᠨᠢᠯᠬ᠎ᠠ ᠪᠠᠯᠴᠢᠷ ᠬᠡᠥᠬᠡᠳ ᠤᠨ ᠣᠢ ᠪᠢᠯᠢᠭ ᠢ ᠨᠡᠬᠡᠭᠡᠭᠳᠡᠭᠦᠯᠬᠦ ᠶᠢ ᠠᠩᠬᠠᠷᠴᠣ ᠲᠡᠳᠡᠨ ᠤ ᠳᠣᠷ᠎ᠠ ᠪᠠᠬ᠎ᠠ ᠳᠤ ᠨᠢ ᠳᠣᠬᠢᠷᠠᠭᠰᠠᠨ ᠶᠠᠪᠠᠭᠠᠨ ᠥᠯᠢᠭᠡᠷ᠂ ᠣᠨᠢᠰᠤᠭ᠎ᠠ᠂ ᠰᠢᠯᠥᠭ ᠬᠤᠯᠪᠤᠭ᠎ᠠ᠂ ᠵᠥᠢᠷ ᠰᠡᠴᠡᠨ ᠥᠭᠡ᠂ ᠥᠯᠢᠭᠡᠷ ᠲᠣᠮᠤᠭ ᠶᠠᠷᠢᠵᠥ ᠥᠭᠬᠦ᠂ ᠵᠢᠷᠤᠭ ᠲᠥᠷᠰᠣ ᠥᠵᠡᠭᠦᠯᠬᠦ᠂ ᠶᠠᠭᠤ ᠶᠠᠮᠠᠷ ᠶᠠᠭᠤᠮ᠎ᠠ ᠪᠤᠯᠬᠤ ᠶᠢ ᠳᠣᠳᠣᠯᠠᠭᠤᠯᠬᠤ᠂ ᠥᠪᠡᠷ ᠤᠨ ᠡᠳ᠋ᠯᠡᠯ ᠶᠠᠭᠤᠮ᠎ᠠ᠂ ᠪᠢᠴᠢᠭ ᠴᠠᠭᠠᠰᠣ ᠨᠣᠮ ᠳᠠᠪᠳᠠᠷ ᠢᠶᠠᠨ ᠠᠳᠡ ᠲᠡᠨᠳᠡ ᠬᠠᠶᠠᠬᠤ ᠥᠭᠡᠢ᠂ ᠳᠡᠭᠡᠬᠦᠷ ᠨᠢ ᠠᠯᠬᠤᠵᠥ ᠬᠢᠰᠬᠢᠬᠦ ᠥᠭᠡᠢ ᠁ ᠵᠡᠷᠭᠡ ᠰᠣᠷᠭᠠᠯ ᠢ ᠭᠥᠷᠳᠡᠭᠡᠳᠡᠭ᠃       ᠠᠷᠪᠠᠨ ᠨᠠᠰᠣ ᠬᠡᠳᠣᠷᠡᠭᠰᠡᠨ ᠬᠡᠥᠬᠡᠳ ᠢ ᠬᠥᠮᠥᠨ ᠲᠠᠢ ᠣᠴᠠᠷᠠᠵᠥ ᠠᠭᠤᠯᠵᠠᠪᠠᠯ ᠶᠣᠰᠣ ᠮᠣᠷᠠᠯ ᠲᠠᠢ ᠥᠭᠡ ᠳᠣᠤᠭᠠᠷᠴᠣ ᠮᠡᠨᠳᠣᠴᠢᠯᠡᠯ ᠭᠥᠷᠭᠡᠬᠦ ᠶᠢ ᠱᠠᠭᠠᠷᠳᠠᠨ᠎ᠠ᠃ ᠠᠬᠠᠮᠠᠳ ᠬᠥᠮᠥᠨ ᠥᠭᠡ ᠠᠰᠠᠭᠤᠪᠠᠯ ︽ᠵᠠ︾ ᠭᠡᠵᠥ ᠳᠣᠤᠭᠠᠷᠣᠨ᠂ ᠠᠰᠠᠭᠤᠭᠰᠠᠨ ᠥᠭᠡ ᠶᠢ ᠳᠣᠳᠣ ᠬᠠᠷᠢᠭᠤᠯᠬᠤ ᠬᠡᠷᠡᠭᠳᠡᠢ ᠪᠠᠶᠢᠳᠠᠭ᠃ ᠪᠠᠰᠠ ᠲᠡᠪᠡᠯ ᠬᠤᠪᠴᠠᠰᠣ ᠮᠠᠯᠠᠭᠠᠢ ᠪᠠᠨ ᠲᠡᠭᠰᠢ ᠡᠮᠥᠰᠭᠦ᠂ ᠪᠤᠯᠬᠢ ᠪᠥᠳᠣᠭᠦᠯᠢᠭ ᠰᠣᠷᠳᠠᠯ ᠢ ᠳᠡᠪᠴᠢᠵᠥ᠂ ᠭᠠᠳᠠᠭᠤᠷ ᠶᠠᠪᠤᠬᠤ ᠳᠤ ᠪᠠᠨ ᠬᠡᠪᠳᠡᠭᠰᠡᠨ ᠮᠠᠯ ᠢ ᠥᠷᠭᠦᠭᠡᠬᠦ ᠥᠭᠡᠢ᠂ ᠪᠤᠰᠣᠳ ᠤᠨ ᠠᠷᠭᠠᠯ ᠲᠥᠯᠡᠰᠢ᠂ ᠡᠪᠡᠰᠣ ᠲᠠᠷᠢᠶ᠎ᠠ ᠶᠢ ᠭᠥᠳᠡᠯᠭᠡᠬᠦ ᠥᠭᠡᠢ ᠪᠠᠶᠢᠬᠤ ᠶᠢ ᠱᠠᠭᠠᠷᠳᠠᠨ᠋ ᠰᠣᠷᠭᠠᠨ᠎ᠠ᠃ ᠪᠠᠭ᠎ᠠ ᠨᠠᠰᠣᠨ ᠳᠤ ᠪᠠᠨ ᠠᠷᠢᠬᠢ᠂ ᠳᠠᠮᠠᠬᠢ ᠬᠡᠷᠡᠭᠯᠡᠬᠦ ᠶᠢ ᠴᠡᠭᠡᠷᠯᠡᠬᠦᠯᠵᠥ᠂ ᠠᠬᠠᠮᠠᠳ ᠨᠠᠰᠣᠳᠠᠨ ᠤ ᠳᠡᠷᠭᠡᠳᠡ ᠳᠣᠷ᠎ᠠ ᠪᠠᠷ ᠢᠶᠠᠨ ᠳᠠᠭᠤᠯᠠᠵᠥ ᠬᠠᠰᠬᠢᠷᠬᠤ᠂ ᠰᠣᠨᠢᠶᠠᠵᠥ ᠡᠪᠰᠢᠶᠡᠬᠦ᠂ ᠱᠠᠯᠢᠭ ᠵᠠᠪᠬᠠᠢ ᠥᠭᠡ ᠶᠠᠷᠢᠬᠤ᠂ ᠡᠭᠦᠳᠡ ᠬᠠᠭᠠᠯᠭ᠎ᠠ ᠶᠢ ᠠᠯᠳᠠᠯᠠᠨ ᠵᠣᠭᠰᠣᠬᠤ᠂ ᠡᠭᠦᠳᠡᠨ ᠪᠤᠱᠤᠭ᠎ᠠ ᠬᠠᠪᠳᠠᠰᠣ ᠶᠢ ᠢᠰᠬᠦᠯᠬᠦ ᠪᠤᠶᠣ ᠬᠢᠰᠬᠢᠵᠥ ᠪᠤᠯᠬᠤ ᠥᠭᠡᠢ᠂ ᠡᠷᠡᠥ ᠪᠠᠨ ᠳᠣᠯᠵᠥ ᠰᠠᠭᠤᠬᠤ᠂ ᠡᠯᠢᠭᠡ ᠲᠥᠷᠥᠬᠦᠯᠥᠨ ᠬᠡᠪᠳᠡᠬᠦ᠂ ᠬᠥᠮᠥᠰᠭᠡ ᠪᠠᠨ ᠠᠳᠣᠷᠢᠭᠤᠯᠥᠨ ᠰᠠᠭᠤᠬᠤ᠂ ᠨᠢᠳᠣᠨ ᠪᠤᠯᠤᠩ ᠢᠶᠠᠷ ᠪᠤᠰᠣᠳ ᠢ ᠬᠠᠷᠠᠬᠤ᠂ ᠥᠰᠥ ᠭᠡᠵᠢᠭᠡ ᠪᠠᠨ ᠰᠣᠯᠨ ᠵᠠᠳᠠᠭᠠᠢ ᠳᠠᠯᠪᠢᠬᠤ᠂ ᠬᠥᠮᠥᠨ ᠢ ᠬᠤᠷᠣᠭᠤ ᠪᠠᠷ ᠢᠶᠠᠨ ᠵᠢᠭᠠᠬᠤ ᠵᠡᠷᠭᠡ ᠶᠢ ᠴᠡᠭᠡᠷᠯᠡᠨ ᠰᠣᠷᠭᠠᠳᠠᠭ᠃ ᠣᠩᠨᠢᠭᠤᠳ ᠮᠣᠩᠭᠤᠯᠴᠣᠳ ᠥᠷ᠎ᠡ ᠬᠡᠥᠬᠡᠳ ᠲᠤ ᠪᠠᠨ ᠭᠠᠯ ᠭᠤᠯᠣᠮᠳᠠ ᠳᠤ ᠬᠢᠳᠤᠭ᠎ᠠ ᠰᠢᠪᠦᠭᠡ ᠬᠢᠬᠦ᠂ ᠭᠠᠯ ᠳᠤ ᠣᠰᠣ᠂ ᠳᠠᠪᠤᠰᠣ᠂ ᠰᠣᠩᠬᠢᠨ᠎ᠠ ᠁ ᠵᠡᠷᠭᠡ ᠪᠤᠵᠠᠷ ᠪᠤᠷᠳᠠᠭ ᠶᠠᠭᠤᠮ᠎ᠠ ᠬᠢᠬᠦ᠂ ᠭᠠᠯ ᠭᠤᠯᠣᠮᠳᠠ ᠶᠢᠨ ᠳᠡᠭᠡᠷ᠎ᠡ ᠬᠤᠪᠴᠡᠰᠣ ᠬᠤᠨᠠᠷ ᠡᠯᠬᠦᠬᠦ᠂ ᠭᠠᠯ ᠳᠣᠯᠭ᠎ᠠ ᠶᠢ ᠳᠣᠭᠤᠷᠢᠵᠥ ᠭᠠᠷᠬᠤ ᠵᠡᠷᠭᠡ ᠶᠢ ᠴᠢᠩᠭ᠎ᠠ ᠴᠡᠭᠡᠷᠯᠡᠬᠦᠯᠥᠨ ᠰᠣᠷᠭᠠᠳᠠᠭ᠃ ᠪᠠᠰᠠ ᠶᠡᠭᠡ ᠬᠥᠮᠥᠨ ᠲᠠᠢ ᠬᠡᠯᠡᠯᠴᠡᠬᠦ ᠳᠤ ᠪᠠᠨ ᠨᠣᠯᠮᠣᠬᠤ᠂ ᠨᠢᠷᠣᠭᠤ ᠪᠠᠨ ᠡᠬᠦᠷᠭᠦ᠂ ᠰᠥᠪᠡᠭᠡ ᠳᠠᠷᠣᠬᠤ ᠶᠢ ᠴᠡᠭᠡᠷᠯᠡᠬᠦᠯᠥᠨ᠎ᠡ᠃      ᠵᠠᠯᠠᠭᠤ ᠪᠠᠭᠠᠴᠣᠳ ᠬᠤᠭᠤᠷᠣᠨᠳᠣ ᠪᠠᠨ ᠡᠮᠥᠰᠴᠣ ᠵᠡᠬᠦᠬᠦ᠂ ᠢᠳᠡᠵᠥ ᠣᠤᠭᠤᠬᠤ᠂ ᠡᠳ᠋ᠯᠡᠵᠥ ᠬᠡᠷᠡᠭᠯᠡᠬᠦ ᠶᠢᠨ ᠰᠠᠶᠢᠨ ᠢ ᠠᠳᠠᠯᠢᠳᠬᠠᠬᠤ ᠪᠢᠰᠢ᠂ ᠬᠠᠷᠢᠨ ᠣᠬᠠᠭᠠᠨ ᠰᠠᠨᠠᠭ᠎ᠠ ᠰᠡᠴᠡᠨ᠂ ᠵᠠᠩ ᠠᠭᠠᠯᠢ ᠨᠣᠮᠣᠬᠠᠨ᠂ ᠶᠣᠰᠣ ᠰᠣᠷᠳᠠᠬᠤᠨ ᠲᠠᠢ ᠡᠷᠳᠡᠮ ᠮᠡᠳᠡᠯᠭᠡ ᠲᠠᠢ᠂ ᠠᠵᠢᠯᠴᠢ ᠬᠥᠳᠡᠯᠮᠥᠷᠢᠴᠢ ᠪᠠᠷ ᠠᠵᠥ ᠲᠥᠷᠥᠵᠥ ᠴᠢᠳᠠᠬᠤ ᠡᠰᠡᠬᠦ ᠶᠢ ᠠᠳᠠᠯᠢᠳᠬᠠᠬᠤ ᠶᠢ ᠱᠠᠭᠠᠷᠳᠠᠳᠠᠭ᠃ ᠥᠷ᠎ᠡ ᠬᠡᠥᠬᠡᠳ ᠨᠢ ᠭᠡᠷ ᠪᠥᠯᠢ ᠪᠤᠯᠣᠭᠰᠠᠨ ᠴᠣ᠋ ᠠᠷᠢᠬᠢ ᠳᠠᠮᠠᠬᠢ ᠶᠢ ᠠᠬᠠᠮᠠᠳ  ᠤᠨ ᠢᠶᠠᠨ ᠵᠥᠪᠰᠢᠶᠡᠷᠡᠯ ᠢᠶᠠᠷ ᠡᠳ᠋ᠯᠡᠵᠥ᠂ ᠠᠵᠢᠯᠯᠠᠵᠥ ᠠᠮᠢᠳᠣᠷᠠᠵᠥ ᠶᠠᠪᠤᠵᠥ ᠰᠠᠭᠤᠬᠤ ᠳᠤ ᠪᠠᠨ ᠴᠣ᠋ ᠬᠡᠪ ᠤᠨ ᠪᠤᠰᠣ ᠪᠠᠶᠢᠳᠠᠯ ᠭᠠᠷᠭᠠᠬᠤ ᠶᠢ ᠴᠡᠭᠡᠷᠯᠡᠬᠦᠯᠥᠨ ᠰᠣᠷᠭᠠᠳᠠᠭ᠃      ᠣᠩᠨᠢᠭᠤᠳ ᠮᠣᠩᠭᠤᠯᠴᠣᠳ ᠥᠷ᠎ᠡ ᠬᠡᠥᠬᠡᠳ ᠲᠤ ᠪᠠᠨ ᠲᠥᠪ ᠪᠤᠰᠣ ᠪᠠᠷ ᠪᠠᠶᠠᠨ ᠡᠷᠬᠢᠮ ᠳᠤ ᠰᠢᠨᠣᠬᠠᠶᠢᠷᠠᠬᠤ ᠥᠭᠡᠢ᠂ ᠶᠠᠳᠠᠭᠤ ᠳᠣᠣᠷᠠᠳᠣ ᠶᠢ ᠳᠣᠷᠣᠮᠵᠢᠯᠠᠬᠤ ᠥᠭᠡᠢ᠂ ᠥᠨᠡᠨ ᠢ ᠪᠠᠷᠢᠮᠳᠠᠯᠠᠵᠥ ᠥᠨᠡᠨᠴᠢ ᠬᠥᠮᠥᠨ ᠪᠤᠯᠬᠤ ᠬᠡᠷᠡᠭᠳᠡᠢ ᠭᠡᠵᠥ ᠰᠣᠷᠭᠠᠨ ᠬᠥᠮᠥᠵᠢᠭᠦᠯᠳᠡᠭ᠃  ᠠᠬ᠎ᠠ ᠳᠡᠭᠦᠥ ᠲᠥᠷᠣᠯ ᠰᠠᠳᠣᠨ᠂ ᠠᠶᠢᠯ ᠠᠶᠢᠮᠠᠭ ᠬᠤᠭᠤᠷᠣᠨᠳᠣ ᠪᠠᠨ ᠨᠥᠬᠦᠷᠰᠡᠭ ᠪᠠᠶᠢᠬᠤ ᠶᠢ ᠡᠷᠬᠢᠮᠨᠠᠨ᠂ ᠬᠠᠷᠢᠯᠴᠠᠨ ᠬᠠᠪᠰᠣᠷᠣᠯᠴᠠᠬᠤ ᠶᠢ ᠰᠣᠷᠭᠠᠳᠠᠭ᠃ ᠭᠡᠷ ᠤᠨ ᠰᠣᠷᠭᠠᠯ ᠳᠤ ᠥᠷ᠎ᠡ ᠬᠡᠥᠬᠡᠳ ᠢᠶᠠᠨ ᠬᠠᠷᠠᠬᠠᠨ ᠪᠠᠭ᠎ᠠ ᠠᠴᠠ ᠨᠢ ᠠᠵᠢᠯᠴᠢ ᠠᠷᠪᠢᠴᠢ ᠪᠠᠷ ᠠᠵᠥ ᠲᠥᠷᠥᠨ ᠠᠮᠢᠳᠣᠷᠠᠵᠥ᠂ ᠠᠵᠢᠯᠴᠢ ᠬᠥᠳᠡᠯᠮᠥᠷᠢᠴᠢ ᠬᠥᠮᠥᠨ ᠪᠤᠯᠭᠠᠨ ᠬᠥᠮᠥᠵᠢᠭᠦᠯᠬᠦ ᠶᠢ ᠳᠣᠩ ᠴᠢᠬᠤᠯᠠᠴᠢᠯᠠᠨ ᠥᠵᠡᠳᠡᠭ᠃ ᠬᠡᠥᠬᠡᠳ ᠢᠶᠠᠨ ᠪᠠᠭ᠎ᠠ ᠠᠴᠠ ᠨᠢ ᠮᠠᠯ ᠣᠨᠤᠭ᠎ᠠ ᠠᠷᠠᠴᠢᠯᠠᠵᠥ ᠳᠣᠳᠣᠮᠳᠠᠬᠤ ᠶᠢ ᠰᠣᠷᠭᠠᠨ᠎ᠠ᠃ ᠭᠥᠥ ᠬᠥᠮᠥᠨ ᠢ ᠪᠠᠭ᠎ᠠ ᠠᠴᠠ ᠨᠢ ᠮᠣᠷᠢ ᠣᠨᠣᠵᠥ ᠡᠮᠨᠢᠭ ᠰᠣᠷᠭᠠᠬᠤ᠂ ᠥᠭᠡᠷ ᠣᠶᠠᠵᠥ ᠬᠥᠯᠬᠦ᠂ ᠮᠣᠷᠢ ᠴᠢᠳᠣᠷᠯᠡᠬᠦ᠂ ᠮᠠᠯ ᠬᠠᠷᠢᠭᠤᠯᠬᠤ᠂ ᠲᠠᠷᠢᠶ᠎ᠠ ᠮᠣᠳᠣᠨ ᠤ ᠠᠵᠢᠯ ᠳᠤ ᠣᠷᠣᠯᠴᠠᠭᠤᠯᠬᠤ᠂ ᠠᠪᠠ ᠠᠩ  ᠵᠡᠷᠭᠡ ᠥᠢᠯᠡᠳᠪᠤᠷᠢᠯᠡᠯ ᠠᠮᠢᠳᠣᠷᠠᠯ ᠤᠨ ᠰᠠᠭᠤᠷᠢ ᠮᠡᠳᠡᠯᠭᠡ ᠳᠤ ᠴᠠᠭᠠᠷᠠᠭᠤᠯᠬᠤ᠂ ᠬᠡᠥᠬᠡᠨ ᠬᠥᠮᠥᠨ ᠢ ᠭᠡᠷ ᠴᠡᠪᠡᠷᠯᠡᠬᠦ᠂ ᠴᠠᠢ ᠪᠤᠳᠠᠭ᠎ᠠ ᠴᠢᠨᠠᠬᠤ᠂ ᠥᠨᠢᠶ᠎ᠡ ᠰᠠᠭᠠᠬᠤ᠂ ᠥᠢᠯᠨ ᠣᠳᠠᠰᠣ ᠣᠶᠣᠬᠤ ᠵᠡᠷᠭᠡ ᠠᠵᠢᠯ ᠊ ᠤᠳ ᠲᠤ ᠠᠯᠬᠤᠮ ᠠᠯᠬᠤᠮ ᠢᠶᠠᠷ ᠴᠠᠭᠠᠷᠠᠭᠤᠯᠳᠠᠭ᠃       ᠣᠩᠨᠢᠭᠤᠳ ᠮᠣᠩᠭᠤᠯᠴᠣᠳ ᠬᠡᠥᠬᠡᠳ ᠢ ᠪᠠᠰᠠ ᠪᠠᠭ᠎ᠠ ᠠᠴᠠ ᠨᠢ ᠶᠣᠰᠣ ᠭᠤᠷᠢᠮ ᠲᠠᠢ ᠪᠠᠶᠢᠬᠤ ᠶᠢ ᠱᠠᠭᠠᠷᠳᠠᠵᠥ᠂ ᠵᠢᠯ ᠴᠠᠭᠠᠨ ᠰᠠᠷ᠎ᠠ ᠪᠤᠯᠪᠠᠯ ᠠᠬᠠᠮᠠᠳ ᠨᠠᠰᠣᠳᠠᠨ ᠠᠬ᠎ᠠ ᠡᠭᠡᠴᠢ ᠳᠤ ᠪᠠᠨ ᠰᠢᠨ᠎ᠡ ᠶᠢᠨ ᠮᠡᠨᠳᠣᠴᠢᠯᠡᠯ ᠬᠥᠷᠬᠡᠵᠥ ᠵᠤᠯᠭᠠᠬᠤ᠂ ᠶᠡᠭᠡ ᠬᠥᠮᠥᠰ ᠰᠢᠬᠢᠷ ᠪᠤᠣᠪᠤ ᠥᠭᠪᠡᠯ ᠪᠠᠷᠠᠭᠤᠨ ᠭᠠᠷ ᠢᠶᠠᠷ ᠢᠶᠠᠨ ᠳᠣᠰᠣᠨ ᠠᠪᠴᠣ ᠶᠣᠰᠣᠯᠠᠨ ᠮᠥᠷᠭᠦᠬᠦ᠂ ᠭᠡᠶᠢᠴᠢᠨ ᠵᠤᠴᠢᠨ ᠲᠠᠢ ᠠᠭᠤᠯᠵᠠᠪᠠᠯ ᠮᠡᠨᠳᠣᠴᠢᠯᠡᠯ ᠭᠥᠷᠬᠡᠬᠦ ᠵᠡᠷᠭᠡ ᠶᠢ ᠵᠢᠭᠠᠨ ᠰᠣᠷᠭᠠᠳᠠᠭ᠃ ᠠᠶᠢᠯ ᠠᠶᠢᠮᠠᠭ ᠰᠠᠳᠣᠨ ᠳᠥᠷᠥᠯ ᠳᠤ ᠪᠠᠨ ᠣᠴᠢᠬᠤ ᠳᠤ ᠪᠠᠨ ᠠᠶᠢᠯ ᠤᠨ ᠮᠣᠷᠢᠨ ᠣᠶᠠᠭ᠎ᠠ ᠶᠢᠨ ᠳᠣᠳᠣᠭᠤᠷ ᠮᠣᠷᠢ  ᠲᠠᠢ ᠭᠠᠷᠬᠤ᠂ ᠠᠶᠢᠯ ᠤᠨ ᠭᠡᠷ ᠤᠨ ᠡᠭᠦᠳᠠᠨ ᠳᠤ ᠬᠥᠷᠳᠡᠯ᠎ᠡ ᠮᠣᠷᠢ ᠣᠨᠣᠵᠥ ᠣᠷᠣᠬᠤ ᠵᠡᠷᠭᠡ ᠶᠢ ᠴᠡᠭᠡᠷᠯᠡᠬᠦᠯᠥᠨ᠂ ᠠᠶᠢᠯ ᠳᠤ ᠣᠷᠣᠬᠤ ᠳᠤ ᠪᠠᠨ ᠮᠠᠯᠠᠭᠠᠢ ᠬᠤᠪᠴᠠᠰᠣ ᠪᠠᠨ ᠲᠡᠭᠰᠢᠯᠡᠨ ᠠᠶᠢᠯ ᠤᠨ ᠮᠣᠷᠢᠨ ᠣᠶᠠᠭ᠎ᠠ ᠣᠶᠢᠷᠠᠳᠣᠭᠰᠠᠨ ᠲᠠᠷᠣᠢ ᠳᠤ ᠬᠤᠭᠤᠯᠠᠢ ᠵᠠᠰᠠᠨ ᠴᠢᠮᠡᠭᠡ ᠥᠭᠴᠣ ︽ᠨᠣᠬᠠᠢ ᠪᠠᠨ ᠬᠤᠷᠢ︾ ᠭᠡᠵᠥ ᠥᠭᠡ ᠪᠤᠯᠤᠨ᠎ᠠ᠃ ᠭᠡᠷ ᠤᠨ ᠡᠵᠡᠨ ᠤ ᠲᠠᠭᠠᠭᠤᠯᠭ᠎ᠠ ᠪᠠᠷ ᠮᠤᠷᠢ ᠪᠠᠨ ᠣᠶᠠᠭᠠᠨ ᠳᠡᠭᠡᠷ᠎ᠡ ᠨᠢ ᠣᠶᠠᠵᠥ ᠮᠣᠷᠢᠨ ᠳᠠᠰᠢᠭᠤᠷ ᠢᠶᠠᠨ ᠡᠭᠦᠳᠡᠨ ᠤ ᠪᠠᠷᠠᠭᠤᠨ ᠳᠠᠯ᠎ᠠ ᠳᠤ ᠡᠯᠬᠦᠵᠥ᠂ ᠡᠭᠦᠳᠡᠨ ᠤ ᠵᠡᠭᠦᠨ ᠳᠠᠯ᠎ᠠ ᠶᠢ ᠨᠡᠬᠡᠭᠡᠨ ᠣᠷᠣᠵᠥ ᠠᠬᠠᠮᠠᠳ ᠨᠠᠰᠣᠳᠠᠨ ᠪᠤᠯᠬᠤ ᠬᠥᠮᠥᠰ ᠲᠤ ᠠᠮᠣᠷ ᠠᠰᠠᠭᠤᠵᠥ ᠭᠡᠷ ᠤᠨ ᠬᠥᠮᠥᠰ ᠤᠨ ᠵᠥᠪᠰᠢᠶᠡᠷᠡᠯ ᠢᠶᠠᠷ ᠣᠷᠣ ᠣᠯᠵᠥ ᠰᠠᠭᠤᠬᠤ ᠬᠡᠷᠡᠭᠳᠡᠢ᠃ ᠠᠶᠢᠯ ᠳᠤ ᠣᠷᠣᠭᠠᠳ ᠮᠠᠯᠠᠭᠠᠢ ᠬᠤᠪᠴᠠᠰᠣ ᠪᠠᠨ ᠡᠷᠣᠢ ᠬᠤᠷᠣᠢ ᠥᠭᠡᠢ ᠬᠠᠶᠠᠬᠤ᠂ ᠭᠥᠯ ᠰᠣᠯᠪᠢᠴᠠᠭᠤᠯᠣᠨ ᠠᠴᠢᠵᠥ ᠰᠠᠭᠤᠬᠤ᠂ ᠬᠠᠮᠢᠶ᠎ᠠ ᠨᠠᠮᠢᠶ᠎ᠠ ᠥᠭᠡᠢ ᠨᠣᠯᠮᠣᠬᠤ᠂ ᠪᠤᠷᠣᠭᠤ ᠵᠥᠷᠢᠭᠦᠥ ᠬᠠᠷᠠᠵᠥ ᠰᠠᠭᠤᠬᠤ ᠪᠠ ᠡᠯᠢᠭᠡ ᠪᠠᠨ ᠲᠡᠪᠡᠷᠢᠬᠦ᠂ ᠶᠠᠭᠤᠮ᠎ᠠ ᠬᠤᠮ᠎ᠠ ᠶᠢ ᠥᠩᠭᠡᠶᠢᠵᠥ ᠱᠠᠭᠠᠶᠢᠬᠤ᠂ ᠬᠠᠭᠠᠯᠭ᠎ᠠ ᠰᠠᠪᠠᠭ᠋ᠤ ᠵᠡᠷᠭᠡ ᠶᠢ ᠴᠡᠭᠡᠷᠯᠡᠨ᠎ᠡ᠃ ᠠᠶᠢᠯ  ᠳᠤ ᠣᠷᠣᠭᠰᠠᠳ ᠠᠯᠴᠠᠶᠢᠨ ᠰᠠᠭᠤᠬᠤ ᠶᠢ ᠴᠡᠭᠡᠷᠯᠡᠵᠥ᠂ ᠲᠥᠪ ᠬᠢᠴᠢᠶᠡᠩᠭᠦᠢ ᠵᠠᠪᠢᠯᠠᠨ ᠰᠠᠭᠤᠬᠤ ᠶᠢ ᠡᠷᠬᠢᠮᠯᠡᠳᠡᠭ᠃       ᠠᠶᠢᠯ ᠡᠷᠥᠬᠡ ᠳᠤ ᠬᠤᠭᠤᠯᠨ ᠪᠤᠳᠠᠭ᠎ᠠ ᠢᠳᠠᠬᠦ ᠳᠤ ᠪᠠᠨ ᠴᠣ᠋ ᠶᠣᠰᠣ ᠳᠣᠮᠤᠭ᠎ᠠ ᠲᠠᠢ ᠪᠠᠶᠢᠵᠥ᠂ ᠠᠬᠠᠮᠠᠳ ᠨᠠᠰᠣᠳᠠᠨ ᠲᠠᠢ ᠨᠢᠭᠡ ᠰᠢᠷᠡᠭᠡᠨ ᠳᠤ ᠰᠠᠭᠤᠪᠠᠯ ᠬᠥᠪᠡᠭᠡ ᠪᠤᠶᠣ ᠳᠣᠤᠷ᠎ᠠ ᠳᠠᠯ᠎ᠠ ᠳᠤ ᠨᠢ ᠰᠠᠭᠤᠵᠥ᠂ ᠠᠶᠠᠭᠠᠯᠠᠵᠥ ᠥᠭᠬᠦᠭᠰᠡᠨ ᠴᠠᠢ ᠪᠤᠳᠠᠭ᠎ᠠ  ᠶᠢᠨ ᠰᠠᠪᠠ ᠶᠢᠨ ᠢᠷᠮᠡᠭ ᠠᠴᠠ ᠴᠢᠮᠬᠢᠵᠥ ᠠᠪᠬᠤ ᠥᠭᠡᠢ᠂ ᠰᠢᠷᠡᠭᠡ ᠠᠯᠠᠭᠠᠳᠠᠬᠤ ᠪᠤᠶᠣ ᠳᠣᠯᠭ᠎ᠠ ᠶᠢ ᠨᠢ ᠳᠥᠰᠢᠬᠦ ᠶᠢ ᠴᠢᠩᠭ᠎ᠠ ᠴᠡᠭᠡᠷᠯᠡᠨ᠎ᠡ᠃       ᠣᠩᠨᠢᠭᠤᠳ ᠮᠣᠩᠭᠤᠯᠴᠣᠳ ᠢᠷᠡᠵᠥ ᠶᠠᠪᠤᠬᠤ ᠵᠤᠴᠢᠨ ᠢ ᠬᠠᠯᠠᠭᠤᠮᠰᠤᠭ ᠢᠶᠠᠷ ᠣᠭᠳᠣᠵᠥ ᠥᠳᠡᠳᠡᠭ ᠨᠢ ᠶᠡᠷᠣᠳᠡ ᠶᠢᠨ ᠵᠠᠩᠰᠢᠯ ᠪᠢᠯᠨ᠃ ᠮᠣᠷᠢᠨ ᠣᠶᠠᠭ᠎ᠠ ᠪᠤᠯ ᠬᠡᠶᠢᠴᠢᠨ ᠵᠤᠴᠢᠨ ᠢ ᠣᠭᠳᠣᠵᠥ ᠬᠥᠷᠭᠡᠬᠦ ᠴᠢᠬᠤᠯᠨ ᠭᠠᠵᠠᠷ ᠪᠤᠯᠬᠤ ᠪᠠᠷ ᠣᠶᠠᠭ᠎ᠠ ᠪᠤᠯᠠᠭ᠎ᠠ ᠶᠢ ᠰᠠᠶᠢᠨ ᠮᠣᠳᠣ ᠪᠤᠶᠣ ᠴᠢᠯᠠᠭᠤ ᠪᠠᠷ ᠬᠢᠳᠡᠭ᠃ ᠵᠤᠴᠢᠨ ᠢᠷᠡᠬᠦ ᠲᠠᠢ ᠵᠡᠷᠭᠡ ᠬᠠᠮᠢᠭ᠎ᠠ ᠨᠢ ᠮᠤᠷᠢ ᠪᠠᠨ ᠣᠶᠠᠬᠤ ᠲᠡᠷᠭᠡ ᠣᠨᠤᠭ᠎ᠠ ᠪᠠᠨ ᠬᠠᠮᠢᠭ᠎ᠠ ᠨᠢ ᠪᠠᠭᠤᠯᠭᠠᠬᠤ ᠵᠡᠷᠭᠡ ᠶᠢ ᠬᠡᠥᠬᠡᠳ ᠲᠤ ᠪᠠᠨ ᠰᠣᠷᠭᠠᠳᠠᠭ᠃       ᠥᠷ᠎ᠡ ᠬᠡᠥᠬᠡᠳ ᠪᠤᠯᠤᠭᠰᠠᠳ ᠨᠢ ᠡᠴᠢᠭᠡ ᠡᠬᠡ ᠶᠢᠨ ᠰᠣᠷᠭᠠᠯ  ᠠᠴᠠ ᠳᠡᠷᠰᠯᠡᠵᠥ ᠬᠢᠯᠢᠩᠨᠡᠭᠦᠯᠥᠨ ᠵᠤᠪᠠᠭᠠᠬᠤ ᠥᠭᠡᠢ᠂ ᠢᠳᠡᠭᠡᠨ ᠤ ᠳᠡᠭᠡᠵᠢ ᠪᠠᠨ ᠪᠠᠷᠢᠵᠥ᠂ ᠠᠳᠠᠯ ᠠᠮᠢᠳᠣᠷᠠᠯ ᠢᠶᠠᠨ ᠡᠷᠬᠢᠯᠡᠬᠦ ᠳᠤ ᠪᠠᠨ ᠠᠪᠤ ᠡᠵᠢ ᠶᠢᠨ ᠢᠶᠠᠨ ᠰᠣᠷᠭᠠᠯ ᠢ ᠰᠣᠨᠣᠰᠴᠣ᠂ ᠶᠠᠮᠠᠷ ᠠᠵᠢᠯ ᠬᠢᠭᠰᠡᠨ ᠴᠣ᠋ ᠠᠬᠠᠮᠠᠳ ᠲᠤ ᠪᠠᠨ ᠬᠠᠷᠢᠭᠤ ᠮᠡᠳᠡᠬᠦᠯᠵᠥ ᠪᠠᠶᠢᠳᠠᠭ᠃ ᠣᠩᠨᠢᠭᠤᠳ ᠮᠣᠩᠭᠤᠯᠴᠣᠳ ᠤᠨ ᠭᠡᠷ ᠤᠨ ᠰᠣᠷᠭᠠᠯ ᠴᠢᠩᠭ᠎ᠠ ᠪᠠᠶᠢᠳᠠᠭ ᠠᠴᠠ ᠰᠠᠳᠣᠨ ᠳᠥᠷᠥᠯ᠂ ᠠᠶᠢᠯ ᠠᠶᠢᠮᠠᠭ᠂ ᠬᠥᠷᠰᠢ ᠵᠡᠷᠭᠡᠯᠡᠳᠡᠭᠡ ᠪᠥᠬᠦᠨ ᠲᠠᠢ ᠪᠠᠨ ᠮᠠᠰᠢ ᠡᠪ ᠨᠠᠶᠢᠷ ᠲᠠᠢ ᠪᠠᠶᠢᠳᠠᠭ᠃                                                            ᠨᠠᠶᠢᠷᠠᠭᠤᠯᠤᠭᠴᠢ᠄ ᠠᠶᠢᠮᠸᠢ
 
ᠢᠷᠡᠯᠲᠡ᠄ ᠬᠤᠯᠪᠤᠭ᠎ᠠ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号