ᠬᠡᠤᠬᠡᠳ ᠲᠠᠢ ᠪᠠᠨ ᠬᠠᠮᠲᠤ ᠬᠦᠮᠦᠵᠢᠨ ᠪᠤᠶᠢᠵᠢᠨ᠎ᠠ
ᠨᠡᠶᠢᠲᠡᠯᠡᠭᠰᠡᠨ ᠴᠠᠭ᠄
2017/8/14
     ᠬᠡᠦᠬᠡᠳ ᠪᠤᠯ ᠬᠦᠨᠳᠡᠭᠡ ᠦᠬᠡᠢ ᠴᠡᠪᠡᠷ ᠴᠠᠭᠠᠨ ᠴᠠᠭᠠᠰᠤ ᠪᠠᠶᠢᠵᠤ᠂ ᠬᠦᠰᠡᠯ ᠢᠷᠡᠬᠡᠳᠦᠢ ᠶᠢᠨ ᠲᠦᠰᠦᠪ ᠵᠢᠷᠤᠬ ᠢ ᠬᠡᠷᠬᠢᠵᠤ ᠵᠢᠷᠤᠬᠤ ᠨᠢ ᠬᠡᠷ ᠤᠨ ᠠᠬᠠᠮᠠᠳ ᠤᠨ ᠬᠢᠨᠢ ᠶᠠᠪᠤᠳᠠᠯ ᠬᠡᠵᠤ ᠬᠦᠮᠦᠰ ᠦᠵᠡᠭᠰᠡᠬᠡᠷ ᠢᠷᠡᠵᠡᠢ᠃ ︽ᠰᠤᠷᠭᠠᠯ ᠲᠠᠢ ᠬᠡᠷ ᠠᠴᠠ ᠰᠤᠷᠳᠠᠯ ᠲᠠᠢ ᠬᠡᠦᠬᠡᠳ︾ ᠬᠡᠳᠡᠭ ᠢᠶᠠᠷ ᠦᠨᠡᠨᠳᠡᠭᠡᠨ ᠬᠡᠷ ᠤᠨ ᠠᠬᠠᠮᠠᠳ ᠤᠨ ᠬᠢᠨᠢ ᠦᠵᠠᠯ ᠰᠠᠨᠠᠭ᠎ᠠ᠂ ᠦᠬᠡ ᠶᠠᠷᠢᠶ᠎ᠠ᠂ ᠦᠢᠯᠡ ᠠᠵᠢᠯᠯᠠᠭ᠎ᠠ᠂ ᠪᠤᠳᠤᠯ ᠰᠡᠳᠬᠢᠯ᠂ ᠪᠤᠯᠪᠠᠰᠤᠷᠠᠯ ᠬᠢᠴᠢᠶᠠᠯ᠂ ᠬᠦᠮᠦᠨ ᠴᠢᠨᠠᠷ ᠵᠤᠬᠢᠬᠤ ᠬᠡᠮᠵᠢᠶᠡᠨ ᠲᠡᠬᠡᠷ᠎ᠠ ᠬᠡᠦᠬᠡᠳ ᠤᠨ ᠪᠠᠶ᠎ᠠ ᠲᠡᠬᠡᠷ᠎ᠠ ᠢᠯᠡᠷᠡᠯ ᠢᠶᠠᠨ ᠤᠯᠳᠠᠬ᠃ ᠶᠠᠮᠠᠷᠴᠤ ᠰᠡᠷᠡᠭᠳᠡᠯ ᠦᠬᠡᠢ ᠶᠢᠨ ᠲᠤᠮᠳᠠ ᠬᠡᠦᠬᠡᠳ ᠢᠶᠠᠨ ᠪᠢᠳᠡ ᠨᠦᠯᠦᠬᠡᠯᠡᠵᠤ ᠰᠤᠷᠭᠠᠵᠤ ᠬᠤᠵᠢᠮ ᠬᠤᠶᠢᠰᠢᠳᠠ ᠶᠢᠨ ᠵᠠᠮ ᠮᠦᠷ ᠢ ᠨᠢ ᠵᠢᠭᠠᠵᠤ ᠵᠠᠬᠢᠵᠤ ᠪᠠᠶᠢᠳᠠᠬ ᠢᠶᠠᠨ ᠤᠢᠢᠯᠠᠭᠠᠵᠤ ᠬᠢᠴᠢᠶᠠᠯᠳᠠᠢ ᠪᠢᠯᠡ᠃      ᠬᠡᠨ ᠴᠤ ᠮᠡᠳᠡᠬᠡᠵᠢ ᠪᠠᠷ ᠤᠳᠤ ᠶᠢᠨ ᠤᠯᠠᠩᠬᠢ ᠬᠡᠷ ᠤᠨ ᠠᠬᠠᠮᠠᠳ ᠬᠡᠦᠬᠡᠳ ᠢᠶᠠᠨ ᠬᠦᠮᠦᠨ ᠪᠤᠯᠬᠤ ᠶᠢᠨ ᠠᠩᠬᠠᠨ ᠤ ᠭᠠᠷᠤᠭᠠᠨ ᠠᠴᠠ ᠨᠢ ᠦᠷᠦᠬᠡᠯ ᠪᠤᠰᠤᠳ ᠠᠴᠠ ᠤᠷᠢᠳᠠᠵᠤ ᠶᠠᠪᠤᠭᠤᠯᠤᠨ᠎ᠠ ᠬᠡᠮᠡᠨ ᠬᠢᠷᠢ ᠠᠴᠠ ᠨᠢ ᠬᠡᠳᠦᠷᠡᠭᠰᠡᠨ ᠬᠦᠨᠳᠤ ᠲᠠᠷᠤᠭᠠᠰᠤ ᠶᠢ ᠮᠦᠷᠦᠨ ᠳᠤᠨᠢ ᠲᠠᠯᠪᠢᠵᠤ᠂ ᠰᠡᠳᠬᠢᠯ ᠳᠤᠨᠢ ᠲᠤᠯᠭᠠᠨ᠎ᠠ᠃ ᠡᠨᠡ ᠲᠡᠷᠡ ᠡᠷᠳᠡᠮ ᠰᠤᠷᠭᠠᠵᠤ ᠴᠢᠳᠠᠪᠤᠷᠢᠳᠠᠨ ᠪᠤᠯᠭᠠᠨ᠎ᠠ ᠬᠡᠮᠡᠨ ᠡᠶᠢᠮᠦ ᠲᠠᠶᠢᠮᠤ ᠪᠤᠯᠪᠠᠰᠤᠷᠠᠯ ᠤᠨ ᠬᠢᠴᠢᠶᠠᠯ ᠳᠤ ᠤᠷᠤᠭᠤᠯᠤᠨ ᠬᠠᠷᠠᠬᠠᠨ ᠪᠠᠭ᠎ᠠ ᠠᠴᠠ ᠪᠠᠨ ᠬᠠᠮᠤᠭ ᠠᠴᠠ ᠢᠯᠡᠬᠦᠦ ᠡᠳ᠋ᠯᠠᠪᠠᠯ ᠵᠤᠬᠢᠰᠳᠠᠢ ᠨᠠᠭᠠᠳᠴᠤ ᠲᠤᠬᠯᠠᠬᠤ ᠪᠠ ᠤᠨᠳᠠᠵᠤ ᠡᠷᠬᠡᠯᠡᠬᠦ ᠡᠷᠬᠡ ᠴᠢᠯᠦᠬᠡ ᠶᠢ ᠨᠢ ᠬᠠᠰᠤᠨ᠎ᠠ᠃ ᠦᠪᠡᠷ ᠤᠨ ᠰᠤᠷᠴᠤ ᠲᠡᠶᠢᠯᠦᠭᠰᠡᠨ ᠦᠬᠡᠢ ᠡᠷᠳᠡᠮ ᠢᠶᠠᠨ ᠬᠡᠦᠬᠡᠳ ᠲᠡᠭᠡᠨ ᠰᠤᠷᠬᠤ ᠶᠢ ᠨᠠᠶᠢᠳᠠᠵᠤ ᠦᠪᠡᠷ ᠤᠨ ᠪᠡᠶᠡᠯᠡᠬᠦᠯᠵᠤ ᠴᠢᠳᠠᠬᠰᠠᠨ ᠦᠬᠡᠢ ᠵᠤᠷᠢᠯᠭ᠎ᠠ ᠪᠠᠨ ᠬᠡᠦᠬᠡᠳ ᠲᠡᠭᠡᠨ ᠪᠡᠶᠡᠯᠡᠬᠦᠯᠬᠦ ᠶᠢ ᠱᠠᠭᠠᠷᠳᠠᠨ᠎ᠠ᠃      ᠪᠢᠳᠡᠨ ᠳᠤ ᠬᠡᠦᠬᠡᠳ ᠠᠴᠠ ᠢᠯᠡᠬᠦᠦ ᠨᠠᠰᠤ ᠵᠢᠯ᠂ ᠦᠡᠭᠭᠡᠷᠡᠭᠡᠯᠳᠡ ᠲᠤᠷᠰᠢᠯᠭ᠎ᠠ᠂ ᠬᠠᠷᠢᠯᠴᠠᠭ᠎ᠠ ᠶᠠᠪᠤᠯᠴᠠᠭ᠎ᠠ ᠪᠠᠶᠢᠳᠠᠬ ᠬᠡᠬᠦ ᠳᠤ ᠬᠡᠦᠬᠡᠳ ᠲᠤ ᠬᠠᠷᠢᠨ ᠦᠪᠡᠷ ᠤᠨ ᠬᠢᠨᠢ ᠦᠵᠠᠯ ᠪᠤᠳᠤᠯ᠂ ᠲᠤᠷ᠎ᠠ ᠰᠤᠨᠢᠷᠬᠠᠯ᠂ ᠵᠤᠷᠢᠯᠭ᠎ᠠ ᠬᠠᠷᠠᠯᠳᠠ ᠪᠠᠶᠢᠳᠠᠬ ᠰᠢᠦ᠃ ᠪᠠᠶᠢᠷᠢ ᠪᠠᠨ ᠰᠤᠯᠢᠵᠤ ᠪᠤᠳᠤᠯᠬᠢᠯᠠᠨ ᠪᠤᠳᠠᠳᠠᠢ ᠪᠠᠷ ᠵᠠᠳᠠᠯᠵᠤ ᠦᠵᠡᠪᠡᠯ ᠪᠢᠳᠡ ᠬᠠᠰᠢᠯᠠ ᠬᠡᠨ ᠠᠯᠢᠨ ᠢᠶᠠᠨ ᠬᠦᠨᠳᠦᠳᠬᠡᠵᠤ ᠬᠡᠦᠬᠡᠳ ᠲᠠᠢ ᠪᠠᠨ ᠬᠠᠮᠳᠤ ᠬᠦᠮᠦᠵᠢᠨ ᠪᠤᠶᠢᠵᠢᠪᠠᠯ ᠵᠤᠬᠢᠨ᠎ᠠ᠃ ᠠᠪᠤ ᠡᠵᠢ ᠨᠢ ᠪᠤᠯᠴᠢᠬᠠᠯ᠎ᠠ ᠬᠡᠳ ᠠᠵᠢᠯᠯᠠᠵᠤ ᠰᠤᠷᠤᠯᠴᠠᠬᠤ ᠶᠢ ᠬᠦᠡᠭᠭᠡᠪᠴᠢᠯᠠᠵᠤ ᠪᠤᠯᠤᠰᠢ ᠦᠬᠡᠢ᠂ ᠨᠡᠩ ᠴᠤ ᠬᠠᠨᠴᠤᠢ ᠰᠡᠭᠰᠦᠷᠦᠨ ᠨᠢᠳᠦ ᠡᠷᠡᠶᠢᠯᠬᠡᠨ ᠡᠨᠡ ᠶᠢ ᠰᠤᠷᠴᠤ ᠲᠡᠷᠡ ᠶᠢ ᠬᠢ ᠬᠡᠵᠤ ᠬᠡᠦᠬᠡᠳ ᠢᠶᠠᠨ ᠵᠠᠩᠳᠤᠷᠴᠤ ᠵᠠᠬᠢᠵᠤ ᠪᠤᠯᠳᠠᠬ ᠪᠢᠰᠢ᠃ ︽ᠬᠡᠯᠡᠵᠤ ᠰᠤᠷᠭᠠᠬᠤ ᠠᠴᠠ ᠬᠢᠵᠤ ᠦᠵᠡᠬᠦᠯᠡ︾ ᠬᠡᠳᠡᠭᠴᠢᠯᠡᠨ ᠪᠢᠳᠡᠨ ᠤ ᠬᠠᠭᠤᠳᠠᠮ ᠶᠠᠷᠢᠶ᠎ᠠ ᠬᠤᠭᠤᠰᠤᠨ ᠰᠤᠷᠭᠠᠯ ᠠᠴᠠ ᠢᠯᠡᠬᠦᠦ ᠪᠡᠶᠡᠴᠢᠯᠡᠨ ᠬᠢᠵᠤ ᠦᠵᠡᠬᠦᠯᠤᠨ ᠪᠤᠳᠠᠳᠠᠢ ᠠᠵᠢᠯᠯᠠᠭ᠎ᠠ ᠪᠠᠷ ᠢᠶᠠᠨ ᠪᠢᠰᠢᠷᠡᠬᠦᠯᠬᠦ ᠨᠢ ᠨᠡᠩ ᠢᠯᠡᠬᠦᠦ ᠨᠦᠯᠦᠬᠡᠯᠡᠬᠦ ᠬᠦᠴᠦᠨ ᠢᠳᠡᠬᠡᠬᠦᠯᠬᠦ ᠬᠦᠴᠦᠨ ᠲᠠᠢ ᠪᠠᠶᠢᠳᠠᠬ᠃ ᠬᠡᠳᠦ᠋ᠢᠪᠡᠷ ᠬᠡᠷ ᠤᠨ ᠠᠬᠠᠮᠠᠳ ᠪᠤᠯ ᠬᠡᠦᠬᠡᠳ ᠤᠨ ᠠᠩᠬᠠᠨ ᠤ ᠪᠠᠭᠰᠢ ᠬᠡᠳᠡᠭ ᠪᠤᠯᠪᠠᠴᠤ ᠮᠢᠨᠦ ᠦᠵᠡᠬᠦ ᠪᠠᠷ ᠬᠡᠦᠬᠡᠳ ᠪᠠᠰᠠᠴᠤ ᠡᠴᠢᠬᠡ ᠡᠬᠡ ᠶᠢᠨ ᠢᠶᠠᠨ ᠪᠠᠭᠰᠢ ᠪᠤᠯᠵᠤ ᠪᠤᠯᠳᠠᠬ᠃ ᠦᠬᠡ ᠬᠡᠯᠡᠨ ᠳᠤ ᠤᠷᠤᠬᠤ ᠠᠴᠠ ᠪᠠᠨ ᠡᠮᠦᠨ᠎ᠠ ᠦᠬᠡᠳᠡ ᠠᠴᠠ ᠠᠩᠭᠠᠯᠵᠠᠨ ᠢᠨᠢᠶᠡᠬᠦ ᠳᠤ ᠪᠠᠶ᠎ᠠ ᠰᠡᠳᠬᠢᠯ ᠲᠤᠬᠳᠤᠯᠤᠨ ᠪᠠᠶᠠᠷ ᠵᠢᠷᠭᠠᠯ ᠪᠢᠯᠬᠠᠳᠠᠬ᠃ ᠪᠢᠴᠢᠭ ᠤᠨ ᠪᠤᠬᠴᠤ ᠪᠠᠨ ᠮᠦᠷᠦᠪᠴᠢᠯᠠᠨ ᠰᠤᠷᠭᠠᠭᠤᠯᠢ ᠠᠴᠠ ᠪᠠᠨ ᠬᠠᠷᠢᠵᠤ ᠢᠷᠡᠬᠡᠳ ᠡᠳᠦᠷ ᠤᠨ ᠪᠤᠯᠤᠬᠰᠠᠨ ᠤᠴᠢᠷ ᠢᠶᠠᠨ ᠶᠠᠷᠢᠬᠤ ᠳᠤᠨᠢ ᠶᠠᠮᠠᠷᠴᠤ ᠭᠠᠶᠢᠬᠠᠯᠳᠠᠢ ᠰᠠᠶᠢᠬᠠᠨ ᠲᠤᠮᠤᠬ ᠦᠯᠢᠬᠡᠷ ᠰᠤᠨᠤᠰᠤᠬᠰᠠᠨ ᠪᠤᠯᠵᠤ ᠲᠤᠳᠤᠷ᠎ᠠ ᠲᠠᠯᠪᠢᠭᠤᠷᠠᠵᠤ ᠤᠴᠢᠳᠠᠬ᠃ ᠡᠳᠦᠷ ᠲᠤᠳᠤᠮ ᠢᠶᠠᠨ ᠦᠰᠦᠨ ᠪᠤᠶᠢᠵᠢᠵᠤ ᠦᠪᠡᠷ ᠲᠠᠢ ᠴᠢᠨᠢ ᠵᠠᠪᠳᠠᠭᠤ ᠪᠤᠯᠬᠤ ᠪᠤᠶᠤ ᠤᠳᠠᠵᠤ ᠲᠦᠳᠡᠯ ᠦᠬᠡᠢ ᠪᠡᠶ᠎ᠠ ᠠᠴᠠ ᠴᠢᠨᠢ ᠦᠨᠳᠤᠷ ᠪᠤᠯᠴᠢᠬᠠᠭᠠᠳ ᠬᠦᠮᠦᠨ ᠤ ᠵᠡᠷᠭᠡ ᠳᠤ ᠬᠦᠷᠬᠦ ᠦᠶᠡᠰ ᠲᠡᠷᠡ ᠪᠠᠶᠠᠷ ᠪᠠᠭ᠋ᠠᠳᠤᠯ ᠤᠮᠤᠬᠰᠢᠯ ᠵᠤᠷᠢᠬᠵᠢᠯ ᠢ ᠶᠠᠭᠤᠨ ᠢᠶᠠᠷ ᠦᠯᠢᠳᠬᠡᠨ᠎ᠠ ᠪᠢᠯᠡ᠃ ᠬᠡᠬᠦ ᠳᠡᠭᠡᠨ ᠬᠤᠷᠸ᠎ᠠ ᠳᠤ ᠬᠤᠤᠰ ᠦᠬᠡᠢ ᠡᠶᠢᠮᠦᠷᠬᠦ ᠪᠠᠶᠠᠷ ᠪᠠᠭ᠋ᠠᠳᠤᠯ ᠬᠦᠴᠦᠨ ᠴᠢᠳᠠᠯ ᠢ ᠬᠡᠦᠬᠡᠳ ᠯᠡ ᠪᠢᠳᠡᠨ ᠳᠤ ᠤᠯᠭᠤᠵᠤ ᠦᠭᠳᠡᠭ ᠰᠢᠦ᠃      ᠡᠨᠡ ᠲᠡᠯᠡᠬᠡᠢ ᠳᠤ ᠠᠮᠢᠳᠤᠷᠠᠬᠤ ᠳᠠᠭᠠᠨ ᠬᠦᠮᠦᠨ ᠪᠤᠯᠵᠤ ᠬᠦᠮᠦᠵᠢᠨ ᠪᠤᠶᠢᠵᠢᠬᠤ ᠨᠢ ᠬᠠᠮᠤᠭ ᠤᠨ ᠴᠢᠬᠤᠯᠠ ᠬᠡᠵᠤ ᠪᠢ ᠦᠵᠡᠨ᠎ᠠ᠃ ᠲᠡᠬᠦᠯᠳᠡᠷ ᠰᠠᠶᠢᠬᠠᠨ ᠵᠠᠩ ᠠᠭᠠᠯᠢ᠂ ᠬᠦᠮᠦᠨ ᠴᠢᠨᠠᠷ᠂ ᠬᠡᠪ ᠪᠤᠯᠪᠠᠰᠤᠷᠠᠯ᠂ ᠶᠤᠰᠤ ᠰᠤᠷᠳᠠᠬᠤᠨ᠂ ᠤᠬᠠᠭᠠᠨ ᠰᠠᠨᠠᠭ᠎ᠠ᠂ ᠡᠷᠳᠡᠮ ᠮᠡᠳᠡᠯᠬᠡ ᠨᠢ ᠰᠠᠶ᠋ᠢ ᠶᠢᠷᠳᠢᠨᠴᠤ ᠳᠤ ᠤᠷᠤᠨ ᠪᠠᠶᠢᠷᠢ ᠪᠠᠨ ᠤᠯᠵᠤ ᠤᠷᠤᠰᠢᠨ ᠲᠤᠬᠳᠠᠨᠢᠬᠤ᠂ ᠴᠢᠨᠠᠬᠰᠢᠯᠠᠨ ᠠᠮᠵᠢᠯᠳᠠ ᠤᠯᠬᠤ ᠶᠢᠨ ᠤᠷᠢᠳᠠᠯ ᠨᠦᠬᠦᠴᠡᠯ ᠪᠤᠯᠵᠤ ᠪᠤᠯᠳᠠᠬ᠃ ᠡᠶᠢᠮᠦᠷᠬᠦ ᠴᠢᠬᠤᠯᠠ ᠡᠯᠧᠮᠧᠨ᠋ᠲ ᠢ ᠪᠦᠷᠢᠯᠳᠦᠬᠦᠯᠬᠦ ᠳᠤ ᠨᠠᠰᠤ ᠵᠢᠯ ᠤᠨ ᠬᠢᠵᠠᠭᠠᠷ ᠦᠬᠡᠢ ᠲᠤᠯᠠ ᠬᠦᠮᠦᠨ ᠪᠦᠬᠦᠨ ᠲᠡᠬᠦᠨ ᠤ ᠡᠮᠦᠨ᠎ᠠ ᠰᠢᠯᠭᠠᠯᠳᠠ ᠶᠢ ᠬᠦᠯᠢᠶᠡᠭᠴᠢ ᠪᠤᠯᠬᠤ ᠠᠴᠠ ᠪᠢᠰᠢ ᠰᠢᠬᠦᠭᠴᠢ ᠪᠤᠯᠵᠤ ᠲᠡᠶᠢᠯᠳᠡᠭ ᠦᠬᠡᠢ᠂ ᠡᠶᠢᠮᠦ ᠠᠴᠠ ᠡᠬᠢᠯᠡᠯᠳᠡ ᠪᠠᠶᠢᠬᠤ ᠠᠴᠠ ᠪᠢᠰᠢ ᠡᠴᠦᠰ ᠲᠡᠬᠦᠰᠬᠡᠯ ᠦᠬᠡᠢ ᠬᠦᠮᠦᠨ ᠪᠤᠯᠵᠤ ᠬᠦᠮᠦᠵᠢᠨ ᠪᠤᠶᠢᠵᠢᠬᠤ ᠡᠨᠡᠬᠦ ᠤᠷᠳᠤ ᠠᠶᠠᠨ ᠳᠤ ᠬᠡᠦᠬᠡᠳ ᠲᠠᠢ ᠪᠠᠨ ᠪᠢᠳᠡ ᠨᠢᠬᠡᠯᠡ ᠱᠤᠭᠤᠮ ᠲᠡᠬᠡᠷ᠎ᠠ ᠪᠠᠶᠢᠳᠠᠬ ᠶᠤᠮ ᠡ᠃                                                           ᠨᠠᠶᠢᠷᠠᠭᠤᠯᠤᠭᠴᠢ᠄ ᠬᠠᠷᠠᠬᠦᠤ
 
ᠢᠷᠡᠯᠲᠡ᠄ ᠳᠤᠮᠳᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ ᠠᠴᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号