ᠤᠯᠠᠭᠠᠨᠬᠠᠳᠠ ᠬᠤᠳᠠ ᠬᠤᠢ ᠰᠠᠯᠬᠢᠨ ᠳᠤ ᠳᠠᠭᠠᠷᠢᠭᠳᠠᠵᠤ᠂ 5 ᠬᠦᠮᠦᠨ ᠠᠳᠡᠵᠡᠢ
ᠨᠡᠶᠢᠲᠡᠯᠡᠭᠰᠡᠨ ᠴᠠᠭ᠄
2017/8/16
      11 ᠤ ᠦᠳᠡ ᠶᠢᠨ ᠬᠤᠶᠢᠨ᠎ᠠ᠂ ᠤᠯᠠᠭᠠᠨᠬᠠᠳᠠ ᠬᠤᠳᠠ ᠶᠢᠨ  ᠬᠡᠰᠢᠭᠳᠡᠨ᠂  ᠤᠩᠨᠢᠭᠤᠤᠨ  ᠬᠤᠶᠠᠷ  ᠬᠤᠰᠢᠭᠤ  ᠬᠤᠢ ᠰᠠᠯᠬᠢᠨ᠂ ᠠᠭᠠᠳᠠᠷ ᠪᠤᠷᠤᠭᠠᠨ᠂ ᠮᠦᠨᠳᠦᠷ ᠵᠡᠷᠬᠡ ᠬᠦᠨᠳᠦ ᠨᠤᠴᠢᠳᠠᠢ ᠠᠭᠤᠷ ᠠᠮᠢᠰᠬᠤᠯ ᠳᠤ  ᠲᠠᠭᠠᠷᠢᠭᠳᠠᠪᠠ᠃  ᠡᠨᠡ  ᠭᠠᠮᠰᠢᠭ   ᠲᠤ ᠲᠠᠪᠤᠨ ᠬᠦᠮᠦᠨ ᠠᠳᠡᠵᠦ᠂ 58 ᠬᠦᠮᠦᠨ ᠰᠢᠷᠠᠭᠳᠤᠵᠠᠢ᠃ ᠤᠳᠤᠬᠠᠨ ᠳᠤ᠂ ᠬᠤᠶᠠᠷ  ᠭᠠᠵᠠᠷ   ᠲᠤ  ᠪᠠᠴᠢᠮ  ᠶᠠᠭᠠᠷᠠᠯᠳᠠᠢ  ᠠᠪᠤᠷᠠᠨ ᠲᠤᠰᠠᠯᠠᠬᠤ ᠠᠵᠢᠯᠯᠠᠭ᠎ᠠ ᠦᠷᠨᠢᠬᠦᠯᠵᠦ ᠪᠠᠶᠢᠨ᠎ᠠ᠃        ᠬᠡᠰᠢᠭᠳᠡᠨ ᠬᠤᠰᠢᠭᠤᠨ ᠤ ᠲᠦ᠋ ᠴᠧᠩ ᠽᠢ ᠪᠠᠯᠭᠠᠰᠤᠨ ᠤ ᠤᠯᠠᠨ ᠭᠠᠵᠠᠷ   ᠤᠨ  ᠠᠷᠠᠤᠨ   ᠤᠨ  ᠬᠡᠷ  ᠪᠠᠶᠢᠰᠢᠩ  ᠬᠦᠨᠳᠦ ᠨᠤᠴᠢᠳᠠᠢ ᠨᠤᠷᠠᠵᠦ ᠡᠪᠳᠡᠷᠡᠨ᠂ 2134 ᠡᠷᠦᠬᠡ ᠶᠢᠨ 7262 ᠠᠷᠠᠤᠨ ᠭᠠᠮᠰᠢᠭᠳᠠᠵᠦ᠂ ᠰᠢᠷᠠᠭᠳᠤᠭᠰᠠᠨ 47 ᠢᠷᠭᠡᠨ ᠢ ᠨᠢᠬᠡᠨᠳᠡ ᠬᠤᠰᠢᠭᠤᠨ ᠤ ᠮᠤᠩᠭᠤᠯ ᠬᠢᠳᠡᠦᠨ ᠡᠮᠨᠡᠯᠬᠡ ᠶᠢᠨ ᠬᠤᠷᠢᠶ᠎ᠠ᠂ ᠬᠤᠰᠢᠭᠤᠨ  ᠤ ᠡᠮᠨᠡᠯᠬᠡ ᠶᠢᠨ ᠬᠤᠷᠢᠶ᠎ᠠ᠂ ᠲᠦ᠋ ᠴᠧᠩ ᠽᠢ ᠪᠠᠯᠭᠠᠰᠤᠨ   ᠤ ᠡᠷᠡᠬᠦᠯ ᠬᠠᠮᠠᠭᠠᠯᠠᠯ ᠤᠨ ᠦᠷᠳᠡᠬᠡᠨ ᠳᠤ ᠬᠦᠷᠭᠡᠵᠦ ᠡᠮᠴᠢᠯᠡᠵᠦ ᠪᠠᠶᠢᠨ᠎ᠠ᠃ ᠰᠤᠷᠪᠤᠯᠵᠢᠯᠠᠭᠴᠢ ᠲᠤᠬᠠᠢ ᠶᠢᠨ ᠭᠠᠵᠠᠷ ᠤᠨ ᠭᠠᠮᠰᠢᠭ   ᠠᠴᠠ ᠠᠪᠤᠷᠠᠨ ᠲᠤᠰᠠᠯᠠᠬᠤ ᠵᠢᠯᠤᠭᠤᠤᠨᠬᠤ ᠲᠦᠪ ᠭᠠᠵᠠᠷ ᠠᠴᠠ ᠤᠶᠢᠯᠠᠭᠠᠭᠰᠠᠨ ᠢᠶᠠᠷ᠂ ᠭᠠᠮᠰᠢᠭ ᠠᠴᠠ ᠪᠤᠯᠵᠦ ᠰᠢᠯᠵᠢᠬᠦᠯᠦᠨ  ᠲᠦᠪᠬᠢᠨᠡᠬᠦᠯᠬᠦ ᠴᠢᠬᠤᠯᠠᠳᠠᠢ 1238 ᠢᠷᠭᠡᠨ ᠢ ᠨᠢᠭᠡᠨᠳᠡ ᠪᠦᠬᠦᠨ ᠢ ᠲᠦᠷᠪᠡᠨ ᠰᠤᠷᠭᠠᠭᠤᠯᠢ ᠳᠤ ᠰᠢᠯᠵᠢᠬᠦᠯᠵᠡᠢ᠃ ᠮᠠᠶᠢᠬᠠᠨ᠂ ᠬᠦᠨᠵᠢᠯᠡ ᠲᠠᠪᠢᠰᠬᠡᠷ᠂ ᠤᠯᠤᠩᠳᠠᠢ᠂ ᠴᠡᠪᠡᠷ ᠤᠰᠤ᠂ ᠪᠡᠯᠡᠨ ᠭᠤᠯᠢᠷ ᠬᠤᠭᠤᠯᠠ ᠵᠡᠷᠬᠡ ᠡᠳ᠋ ᠪᠤᠳᠠᠰ ᠢ ᠵᠦᠭᠡᠭᠡᠪᠦᠷᠢᠯᠡᠨ ᠬᠦᠷᠭᠡᠵᠦ ᠪᠠᠶᠢᠨ᠎ᠠ᠃      ᠤᠩᠨᠢᠭᠤᠤᠨ ᠬᠤᠰᠢᠭᠤᠨ ᠤ ᠮᠠᠤ ᠱᠠᠨ ᠳ᠋ᠦᠩ ᠰᠢᠶᠠᠩ ᠤᠨ 29 ᠡᠷᠦᠬᠡ ᠶᠢᠨ ᠬᠡᠷ ᠪᠠᠶᠢᠰᠢᠩ  ᠨᠤᠷᠠᠵᠦ᠂  ᠬᠡᠰᠡᠭ  ᠵᠠᠮ ᠡᠪᠳᠡᠭᠳᠡᠭᠰᠡᠨ ᠪᠠᠶᠢᠨ᠎ᠠ᠃ ᠵᠠᠰᠠᠭ ᠤᠨ ᠤᠷᠳᠤᠨ ᠤ ᠰᠠᠯᠠᠭ᠎ᠠ ᠮᠦᠴᠢᠷ ᠤᠨ ᠪᠦᠷᠢᠦᠨᠬᠡᠭᠰᠡᠨ ᠢᠶᠠᠷ  2156  ᠮᠤ᠋  ᠲᠠᠷᠢᠮᠠᠯ  ᠨᠢᠬᠡᠨᠳᠡ ᠰᠦᠢᠦᠨᠴᠦ ᠬᠤᠷᠢᠶᠠᠯᠳᠠ ᠦᠭᠡᠢ ᠪᠤᠯᠤᠭᠰᠠᠨ ᠪᠠᠶᠢᠨ᠎ᠠ᠃ ᠤᠳᠤᠬᠠᠨ ᠳᠤ᠂ ᠬᠤᠳᠠ᠂ ᠬᠤᠰᠢᠭᠤ᠂ ᠰᠢᠶᠠᠩ ᠭᠤᠷᠪᠠᠨ ᠱᠠᠳᠤᠨ ᠤ ᠭᠠᠯ ᠲᠦᠢᠮᠡᠷ ᠠᠴᠠ ᠰᠡᠷᠬᠡᠶᠢᠯᠡᠬᠦ᠂ ᠲᠤᠳᠤᠭᠠᠳᠤ ᠶᠢ ᠬᠠᠮᠠᠭᠠᠯᠠᠬᠤ᠂ ᠡᠮᠴᠢ ᠰᠤᠪᠢᠯᠠᠭᠴᠢ ᠵᠡᠷᠭᠡ  160  ᠭᠠᠷᠤᠢ ᠬᠦᠮᠦᠨ ᠬᠦᠳᠡᠯᠦᠯᠴᠡᠵᠦ᠂ ᠲᠤᠰ ᠰᠢᠶᠠᠩ ᠤᠨ ᠺᠠᠳ᠋ᠷ ᠤᠯᠠᠨ ᠲᠦᠮᠡᠨ  ᠲᠠᠢ ᠬᠠᠮᠳᠤ ᠪᠠᠷ ᠠᠪᠤᠷᠠᠨ ᠲᠤᠰᠠᠯᠠᠬᠤ ᠠᠵᠢᠯ ᠦᠷᠨᠢᠬᠦᠯᠵᠦ ᠪᠠᠶᠢᠨ᠎ᠠ᠃      ᠬᠤᠢ ᠰᠠᠯᠬᠢᠨ ᠠᠴᠠ ᠪᠤᠯᠵᠦ 3000 ᠭᠠᠷᠤᠢ ᠡᠷᠦᠬᠡ ᠶᠢᠨ ᠴᠠᠬᠢᠯᠭᠠᠨ ᠲᠠᠰᠤᠷᠠᠵᠦ᠂ ᠤᠳᠤ ᠴᠠᠬᠢᠯᠭᠠᠨ ᠡᠷᠴᠢᠮ  ᠬᠦᠴᠦᠨ ᠤ ᠰᠠᠯᠠᠭ᠎ᠠ ᠮᠦᠴᠢᠷ ᠤᠨ ᠬᠢᠨ ᠶᠠᠭᠠᠷᠠᠯᠳᠠᠢ ᠵᠠᠰᠠᠨ ᠰᠡᠯᠪᠢᠵᠦ ᠪᠠᠶᠢᠨ᠎ᠠ᠃ ᠤᠯᠤᠰ ᠤᠨ ᠴᠠᠬᠢᠯᠭᠠᠨ ᠡᠷᠴᠢᠮ ᠬᠦᠴᠦᠨ ᠤ ᠰᠦᠯᠵᠢᠶᠠᠨ ᠤ ᠤᠯᠠᠭᠠᠨᠬᠠᠳᠠ ᠬᠤᠳᠠ ᠶᠢᠨ ᠴᠠᠬᠢᠯᠭᠠᠨ ᠬᠠᠩᠭᠠᠬᠤ ᠺᠤᠮᠫᠠᠨᠢ   ᠶᠢᠨ  ᠬᠠᠮᠢᠶᠠᠳᠠᠢ  ᠤᠳᠤᠷᠢᠳᠤᠯᠭ᠎ᠠ   ᠶᠢᠨ  ᠲᠠᠨᠢᠯᠴᠠᠭᠤᠯᠤᠭᠰᠠᠨ   ᠢᠶᠠᠷ᠂ ᠲᠦᠷᠪᠡᠨ ᠵᠤᠷᠪᠤᠰ 10 ᠮᠢᠩᠭᠠᠨ ᠺᠢᠯᠤᠸᠠᠲ ᠶᠢᠨ ᠱᠤᠭᠤᠮ᠂ 53 ᠦᠷᠳᠡᠭᠡᠨ ᠤ ᠴᠠᠬᠢᠯᠭᠠᠨ ᠵᠤᠭᠰᠤᠵᠦ᠂ 3763 ᠡᠷᠦᠭᠡ   ᠶᠢᠨ ᠴᠠᠬᠢᠯᠭᠠᠨ ᠤ ᠬᠡᠷᠡᠭᠯᠡᠭᠡ ᠨᠦᠯᠦᠭᠡᠯᠡᠭᠳᠡᠵᠡᠢ᠃ ᠭᠠᠮᠰᠢᠭ ᠭᠠᠷᠤᠭᠰᠠᠨ ᠤ ᠲᠠᠷᠠᠭ᠎ᠠ᠂ ᠺᠤᠮᠫᠠᠨᠢ ᠠᠴᠠ ᠬᠦᠮᠦᠰ ᠵᠤᠬᠢᠶᠠᠨ ᠪᠠᠶᠢᠭᠤᠯᠵᠦ ᠬᠠᠮᠤᠭ ᠤᠨ ᠲᠡᠷᠢᠬᠦᠨ ᠳᠤ ᠭᠠᠮᠰᠢᠭ ᠭᠠᠷᠤᠭᠰᠠᠨ ᠲᠠᠯᠠᠪᠤᠷ ᠲᠤ ᠬᠦᠷᠴᠦ᠂ ᠴᠠᠬᠢᠯᠭᠠᠨ ᠡᠷᠴᠢᠮ  ᠬᠦᠴᠦᠨ   ᠤ  ᠪᠡᠯᠡᠦᠨᠬᠡᠯ  ᠲᠦᠬᠦᠬᠡᠷᠦᠮᠵᠢ ᠶᠢᠨ ᠡᠪᠳᠡᠭᠳᠡᠭᠰᠡᠨ ᠪᠠᠶᠢᠳᠠᠯ ᠢ ᠬᠠᠷᠭᠤᠭᠤᠯᠠᠨ ᠪᠠᠶᠢᠴᠠᠭᠠᠵᠦ᠂ ᠭᠠᠮᠰᠢᠭᠳᠠᠭᠰᠠᠨ ᠭᠠᠵᠠᠷ ᠲᠤ ᠴᠠᠬᠢᠯᠭᠠᠨ ᠬᠠᠩᠭᠠᠬᠤ ᠮᠠᠰᠢᠨ ᠪᠤᠶᠤ ᠴᠠᠬᠢᠯᠭᠠᠨ ᠭᠠᠷᠭᠠᠬᠤ ᠮᠠᠰᠢᠨ ᠲᠤᠰ ᠲᠤᠰ ᠲᠤᠮᠢᠯᠠᠵᠦ ᠪᠠᠴᠢᠮ ᠪᠠᠶᠢᠳᠠᠯ ᠳᠤ ᠬᠡᠷᠡᠭᠰᠡᠬᠦ ᠴᠠᠬᠢᠯᠭᠠᠨ ᠬᠠᠩᠭᠠᠬᠤ  ᠶᠢ ᠪᠠᠳᠤᠯᠠᠭᠰᠠᠨ ᠤ  ᠬᠠᠮᠳᠤ  ᠰᠦᠨᠢ ᠲᠦᠯᠢ ᠪᠠᠷ ᠶᠠᠭᠠᠷᠠᠯᠳᠠᠢ ᠰᠡᠯᠪᠢᠨ ᠵᠠᠰᠠᠭᠰᠠᠨ ᠢᠶᠠᠷ ᠤᠳᠤ ᠨᠢᠭᠡᠨᠳᠡ 982 ᠡᠷᠦᠭᠡ ᠳᠤ ᠴᠠᠬᠢᠯᠭᠠᠨ ᠨᠡᠪᠳᠡᠷᠡᠭᠰᠡᠨ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号