ᠦᠪᠦᠷ ᠮᠤᠩᠭᠤᠯ ᠤᠨ ᠬᠢᠨ 2.2 ᠳ᠋ᠦᠩᠰᠢᠭᠤᠷ ᠳᠦᠬᠦᠷᠢᠭ ᠤᠨ ᠭᠠᠩ ᠭᠠᠮᠰᠢᠭ ᠠᠴᠠ ᠠᠪᠤᠷᠠᠬᠤ ᠪᠠᠯᠠ ᠮᠦᠩᠬᠦ ᠶᠢ ᠪᠦᠬᠦᠨ ᠢᠶᠠᠷ ᠨᠢ ᠲᠤᠷᠤᠭᠰᠢ ᠪᠠᠭᠤᠯᠭᠠᠵᠠᠢ
ᠨᠡᠶᠢᠲᠡᠯᠡᠭᠰᠡᠨ ᠴᠠᠭ᠄
2017/8/18
      ᠳᠤᠮᠳᠠᠳᠦ ᠤᠯᠤᠰ ᠤᠨ ᠡᠳ᠋ ᠤᠨ ᠵᠠᠰᠠᠭ ᠤᠨ ᠰᠤᠨᠢᠨ ᠤ ᠮᠡᠲᠡᠭᠡ ᠤᠯᠠᠩᠬᠢ ᠠᠶᠢᠮᠠᠭ ᠬᠤᠲᠠ  ᠬᠠᠪᠤᠷ   ᠠᠴᠠ  ᠨᠠᠰᠢ ᠬᠡᠴᠡᠬᠦᠦ ᠭᠠᠩᠲᠠᠭᠰᠠᠨ ᠪᠠᠶᠢᠲᠠᠯ ᠳᠤ ᠴᠢᠭᠯᠡᠬᠦᠯᠦᠨ᠂ ᠦᠪᠦᠷ ᠮᠤᠩᠭᠤᠯ ᠤᠨ ᠡᠳ᠋ ᠤᠨ ᠵᠠᠰᠠᠭ ᠤᠨ ᠳᠢᠩᠬᠢᠮ ᠪᠠᠴᠢᠮ ᠤᠴᠢᠷ ᠢ ᠳᠦᠷᠭᠡᠨ ᠰᠢᠢᠳᠪᠦᠷᠢᠯᠡᠬᠦ᠂ ᠤᠨᠴᠠ ᠤᠴᠢᠷ ᠢ ᠤᠨᠴᠠ ᠮᠠᠶ᠋ᠢᠭ ᠢᠶᠠᠷ ᠰᠢᠢᠳᠪᠦᠷᠯᠡᠬᠦ  ᠵᠠᠷᠴᠢᠮ ᠶᠤᠰᠤᠭᠠᠷ᠂ ᠤᠯᠠᠨ ᠳᠠᠯ᠎ᠠ ᠠᠴᠠ ᠴᠤᠭᠯᠠᠭᠤᠯᠤᠬᠰᠠᠨ 2.2 ᠳ᠋ᠦᠩᠰᠢᠭᠤᠷ ᠳᠦᠬᠦᠷᠢᠭ ᠤᠨ ᠭᠠᠩ ᠭᠠᠮᠰᠢᠭ  ᠠᠴᠠ ᠠᠪᠤᠷᠠᠬᠤ ᠪᠠᠯᠠ ᠮᠦᠩᠬᠦ ᠶᠢ ᠪᠦᠬᠦᠨ ᠢᠶᠠᠷ ᠨᠢ ᠭᠠᠮᠰᠢᠬᠲᠠᠭᠰᠠᠨ ᠠᠶᠢᠮᠠᠭ ᠬᠤᠲᠠ ᠳᠤ ᠰᠢᠯᠵᠢᠬᠦᠯᠦᠨ ᠦᠭᠴᠦ᠂ ᠭᠠᠮᠰᠢᠬᠲᠠᠭᠰᠠᠨ ᠮᠠᠯᠵᠢᠬᠤ ᠤᠷᠤᠨ ᠤ ᠬᠦᠮᠦᠨ ᠮᠠᠯ ᠤᠨ ᠤᠰᠦ ᠤᠮᠲᠠ᠂ ᠭᠠᠩ ᠭᠠᠴᠢᠭ ᠢ ᠡᠰᠡᠷᠬᠦᠴᠠᠬᠦ ᠳᠦᠬᠦᠬᠡᠷᠤᠮᠵᠢ ᠬᠤᠲᠠᠯᠳᠤᠨ ᠠᠪᠬᠤ᠂ ᠡᠪᠡᠰᠦ ᠪᠤᠷᠲᠤᠭ᠎ᠠ ᠵᠦᠭᠡᠭᠡᠪᠦᠷᠯᠡᠬᠦ ᠵᠡᠷᠭᠡ ᠳᠤ ᠭᠤᠤᠯᠲᠠᠯᠭ᠎ᠠ ᠲᠠᠢ ᠬᠡᠷᠡᠭᠯᠡᠬᠦᠯᠵᠦ ᠪᠠᠶᠢᠨ᠎ᠠ᠃         ᠬᠠᠪᠤᠷ ᠠᠴᠠ ᠨᠠᠰᠢ ᠦᠪᠦᠷ ᠮᠤᠩᠭᠤᠯ ᠤᠨ ᠤᠯᠠᠩᠬᠢ ᠠᠶᠢᠮᠠᠭ ᠬᠤᠲᠠ ᠳᠤ  ᠬᠠᠩᠭᠠᠮᠵᠢᠲᠠᠢ ᠪᠤᠷᠤᠭᠠᠨ‌ᠤᠷᠤᠭᠰᠠᠨ ᠦᠭᠡᠢ᠂ ᠭᠠᠩ ᠬᠠᠭᠤᠷᠠᠢ ᠪᠤᠯᠵᠠᠢ᠂ ᠪᠦᠬᠦ ᠤᠷᠤᠨ ᠤ ᠤᠰᠦ ᠴᠢᠭᠢᠭ ᠲᠤᠲᠠᠭᠲᠠᠭᠰᠠᠨ ᠳᠠᠯᠠᠪᠠᠢ  2630 ᠳᠦᠮᠡᠨ ᠮᠤ᠋ ᠳᠤ ᠬᠦᠷᠴᠦ᠂ ᠲᠠᠷᠢᠶᠠᠯᠠᠩ ᠤᠨ ᠲᠠᠷᠢᠮᠠᠯ ᠤᠨ ᠭᠠᠩᠲᠠᠭᠰᠠᠨ ᠳᠠᠯᠠᠪᠠᠢ 647 ᠳᠦᠮᠡᠨ ᠮᠤ᠋ ᠳᠤ ᠬᠦᠷᠴᠦ᠂  ᠭᠠᠩ ᠬᠠᠭᠰᠠᠷᠭᠠᠨ ᠤ ᠬᠠᠷᠠᠭ᠎ᠠ ᠪᠠᠷ 12 ᠳᠦᠮᠡᠨ ᠬᠦᠮᠦᠨ᠂ 101 ᠳᠦᠮᠡᠨ ᠮᠠᠯ ᠤᠨᠤᠭ᠎ᠠ ᠤᠰᠦ ᠤᠮᠳᠠ ᠶᠢᠨ ᠬᠦᠴᠢᠷᠲᠡᠯ ᠳᠤ ᠳᠤᠯᠭᠠᠷᠠᠵᠠᠢ᠃         ᠭᠠᠩ ᠬᠠᠭᠰᠠᠷᠭᠠᠨ ᠭᠠᠷᠤᠭᠰᠠᠨᠨ ᠲᠠᠷᠠᠭ᠎ᠠ ᠦᠪᠦᠷ ᠮᠤᠩᠭᠤᠯ ᠤᠨ ᠡᠳ᠋ ᠤᠨ ᠵᠠᠰᠠᠭ ᠤᠨ ᠳᠢᠩᠬᠢᠮ ᠨᠢ ᠨᠢᠭᠡ ᠲᠠᠯ᠎ᠠ ᠪᠠᠷ ᠡᠳ᠋ ᠤᠨ ᠵᠠᠰᠠᠭ ᠤᠨ ᠶᠠᠮᠤᠨ ᠳᠤ ᠳᠦᠷᠭᠡᠪᠴᠢᠯᠠᠨ ᠬᠦᠷᠴᠦ ᠭᠠᠮᠰᠢᠭ ᠤᠨ ᠪᠠᠶᠢᠲᠠᠯ ᠢ ᠮᠡᠲᠡᠬᠦᠯᠦᠨ᠂  ᠭᠠᠮᠰᠢᠭ ᠠᠴᠠ ᠠᠪᠤᠷᠠᠬᠤ ᠪᠠᠯᠠ ᠮᠦᠩᠬᠦ ᠭᠤᠶᠤᠴᠢᠯᠠᠵᠠᠢ᠃ ᠤᠳᠤ ᠪᠤᠯᠲᠠᠯ᠎ᠠ ᠳᠦᠪ ᠤᠨ ᠲᠠᠷᠢᠶᠠᠯᠠᠩ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠭᠠᠮᠰᠢᠭ ᠠᠴᠠ ᠠᠪᠤᠷᠠᠬᠤ ᠪᠠ ᠭᠠᠩ ᠢ ᠡᠰᠡᠷᠬᠦᠴᠠᠬᠦ ᠪᠠᠯᠠ ᠮᠦᠩᠬᠦ ᠠᠴᠠ 1.6 ᠳ᠋ᠦᠩᠰᠢᠭᠤᠷ ᠲᠦᠬᠦᠷᠢᠭ ᠭᠤᠶᠤᠴᠢᠯᠠᠵᠤ ᠤᠯᠵᠠᠢ᠃ ᠨᠦᠬᠦᠭᠡ ᠳᠠᠯ᠎ᠠ ᠪᠠᠷ᠂ ᠤᠲᠤᠬᠠᠨ ᠤ ᠮᠠᠯᠵᠢᠬᠤ ᠤᠷᠤᠨ ᠤ ᠭᠠᠩ  ᠤᠨ ᠪᠠᠶᠢᠲᠠᠯ ᠬᠡᠴᠡᠬᠦᠲᠡᠵᠦ ᠪᠠᠶᠢᠭ᠎ᠠ ᠳᠤ ᠵᠤᠷᠢᠭᠤᠯᠤᠨ ᠡᠳ᠋ ᠤᠨ ᠵᠠᠰᠠᠭ ᠤᠨ ᠳᠢᠩᠬᠢᠮ ᠠᠴᠠ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠲᠤᠨ ᠳᠤ ᠰᠠᠨᠠᠭᠤᠯᠭ᠎ᠠ ᠭᠠᠷᠭᠠᠨ᠂ ᠳᠡᠷᠢᠬᠦᠯᠡᠭᠴᠢ ᠶᠢᠨ ᠪᠡᠯᠡᠳᠭᠡᠯ ᠵᠠᠷᠤᠲᠠᠯ ᠢ ᠬᠦᠲᠡᠯᠭᠡᠨ ᠬᠡᠷᠡᠭᠯᠡᠵᠦ᠂ ᠨᠡᠶᠢᠲᠡ 6000 ᠳᠦᠮᠡᠨ ᠳᠦᠬᠦᠷᠢᠭ ᠢ ᠵᠡᠬᠦᠨ ᠬᠡᠰᠡᠭ ᠤᠨ ᠮᠠᠯᠵᠢᠬᠤ ᠤᠷᠤᠨ ᠤ ᠭᠠᠩ ᠢ ᠡᠰᠡᠷᠬᠦᠴᠠᠬᠦ  ᠳᠤ ᠬᠡᠷᠡᠭᠯᠡᠬᠦᠯᠵᠡᠢ᠃          ᠡᠬᠦᠨ ᠤ ᠵᠡᠷᠭᠡ ᠳᠤ᠂ ᠤᠷᠤᠨ ᠤ ᠡᠳ᠋ ᠤᠨ ᠵᠠᠰᠠᠭ ᠤᠨ ᠳᠢᠩᠬᠢᠮ ᠠᠴᠠ ᠠᠶᠢᠮᠠᠭ ᠬᠤᠲᠠ ᠶᠢᠨ ᠡᠳ᠋ ᠤᠨ ᠵᠠᠰᠠᠭ ᠤᠨ ᠰᠠᠯᠠᠭ᠎ᠠ ᠮᠦᠴᠢᠷ ᠤᠳ ᠪᠠᠯᠠ ᠮᠦᠩᠬᠦ ᠶᠢᠨ ᠬᠠᠮᠢᠶᠠᠷᠤᠯᠲᠠ ᠶᠢᠨ ᠳᠦᠷᠢᠮ ᠶᠤᠰᠤᠭᠠᠷ ᠪᠠᠯᠠ ᠮᠦᠩᠬᠦ ᠶᠢ ᠴᠠᠭ ᠲᠤᠬᠠᠢ ᠳᠤᠨᠢ ᠰᠢᠯᠵᠢᠬᠦᠯᠦᠨ ᠦᠭᠴᠦ᠂ ᠳᠤᠰᠬᠠᠢ ᠮᠦᠩᠬᠦ ᠶᠢ ᠯᠠᠪᠲᠠᠢ ᠲᠤᠰᠬᠠᠢ ᠬᠡᠷᠡᠭᠯᠡᠬᠦ ᠬᠡᠷᠡᠭᠲᠡᠢ ᠭᠡᠵᠤ ᠱᠠᠭᠠᠷᠲᠠᠭᠰᠠᠨ ᠪᠠᠶᠢᠨ᠎ᠠ᠃                                                                                  ᠲᠤᠷᠤᠨ᠎ᠠ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号