ᠤᠩᠨᠢᠭᠤᠳ ᠬᠤᠰᠢᠭᠤᠨ ᠤ ᠠᠰᠢᠬᠠᠨ ᠳᠠᠬᠢ ᠲᠣᠮᠢᠯᠠᠬᠰᠠᠨ ᠰᠠᠯᠪᠤᠷᠢ ᠠᠷᠠᠳ ᠤᠨ ᠵᠢᠭᠤᠷᠠᠭᠠᠨ ᠢ ᠡᠶᠡᠳᠡᠬᠦᠯᠬᠦ ᠠᠵᠢᠯ ᠢ ᠡᠷᠴᠢᠮᠳᠠᠢ ᠬᠢᠵᠤ ᠪᠠᠶᠢᠨ᠎ᠠ
ᠨᠡᠶᠢᠲᠡᠯᠡᠭᠰᠡᠨ ᠴᠠᠭ᠄
2017/8/22
    ᠤᠷᠴᠢᠮ ᠤᠨ ᠵᠢᠯ ᠪᠠᠶᠢᠭᠠᠯᠢ ᠶᠢᠨ ᠨᠦᠬᠦᠴᠡᠯ ᠠᠴᠠ ᠪᠣᠯᠵᠣ᠂ ᠮᠠᠯᠵᠢᠬᠤ ᠤᠷᠤᠨ ᠤ ᠪᠡᠯᠴᠢᠭᠡᠷ ᠬᠠᠳᠤᠯᠠᠩ ᠤᠨ ᠲᠠᠯᠠᠪᠠᠢ ᠣᠯᠠᠮ ᠢᠶᠠᠷ ᠬᠠᠰᠤᠭᠳᠠᠵᠤ᠂ ᠪᠡᠯᠴᠢᠭᠡᠷ ᠬᠠᠳᠤᠯᠠᠩ ᠤᠨ ᠵᠢᠭᠤᠷᠠᠭᠠᠨ ᠠᠴᠠ ᠪᠣᠯᠣᠬᠰᠠᠨ ᠡᠯ᠎ᠡ ᠵᠦᠢᠯ ᠤᠨ ᠵᠦᠷᠢᠴᠡᠯ ᠮᠡᠳᠡᠭᠳᠡᠮ᠎ᠡ ᠨᠡᠮᠡᠭᠳᠡᠬᠦ ᠬᠠᠨᠳᠤᠰᠢ ᠲᠠᠢ ᠪᠤᠯᠵᠤ᠂ ᠵᠣᠬᠢᠰᠳᠡᠢ ᠰᠢᠢᠳᠪᠦᠷᠢᠯᠡᠬᠦ ᠦᠭᠡᠢ ᠪᠤᠯ ᠡᠯᠳᠡᠪ ᠵᠦᠢᠯ ᠤᠨ ᠭᠡᠷᠡᠭ ᠵᠡᠷᠭᠤ ᠡᠭᠦᠰᠬᠦ ᠶᠢᠨ ᠦᠨᠳᠤᠰᠤ ᠰᠢᠯᠳᠠᠭᠠᠨ ᠪᠤᠯᠳᠠᠭ᠃     ᠤᠩᠨᠢᠭᠤᠳ ᠬᠤᠰᠢᠭᠤᠨ ᠤ ᠠᠰᠢᠬᠠᠨ ᠳᠠᠬᠢ ᠲᠤᠮᠢᠯᠠᠭᠰᠠᠨ ᠰᠠᠯᠪᠤᠷᠢ ᠡᠨᠡᠬᠦ ᠪᠣᠳᠠᠳᠦ ᠪᠠᠶᠢᠳᠠᠯ ᠳᠤ ᠴᠢᠭᠯᠡᠬᠦᠯᠦᠨ ᠬᠠᠷᠢᠶᠠᠳᠤ ᠤᠷᠤᠨ ᠤ ᠪᠠᠨ ᠪᠤᠳᠠᠳᠤ ᠪᠠᠶᠢᠳᠠᠯ ᠲᠠᠢ ᠨᠢᠭᠳᠠ ᠤᠶᠠᠯᠳᠤᠭᠤᠯᠤᠨ ᠦᠵᠡᠯᠳᠡ ᠲᠠᠨᠢᠯᠳᠠ ᠪᠠᠨ ᠬᠤᠪᠢᠷᠠᠭᠤᠯᠤᠨ᠂ ᠰᠡᠳᠬᠢᠮᠵᠢ ᠪᠠᠨ ᠰᠢᠨᠡᠳᠭᠡᠨ ᠤᠯᠠᠨ ᠵᠦᠢᠯ ᠤᠨ ᠠᠷᠭ᠎ᠠ ᠠᠪᠴᠠᠯ ᠢᠶᠠᠷ ᠨᠡᠶᠢᠭᠡᠮ ᠤᠨ ᠵᠦᠷᠢᠴᠡᠯ ᠮᠦᠷᠬᠦᠯᠳᠦᠭᠡᠨ ᠤ ᠤᠭ‌ᠦᠨᠳᠤᠰᠤ ᠶᠢ ᠡᠷᠢᠨ ᠭᠠᠷᠭᠠᠵᠤ ᠵᠦᠷᠢᠴᠡᠯ ᠢ ᠨᠠᠮᠳᠠᠭᠠᠬᠤ ᠠᠷᠭ᠎ᠠ ᠠᠪᠴᠠᠯ ᠢ ᠢᠳᠡᠪᠬᠢᠳᠠᠢ ᠰᠦᠪᠡᠭᠴᠢᠯᠡᠭᠰᠡᠨ ᠢᠶᠠᠷ ᠵᠤᠬᠢᠬᠤ ᠦᠷ᠎ᠡ ᠪᠦᠳᠤᠮᠵᠢ ᠤᠯᠵᠤ ᠪᠠᠶᠢᠨ᠎ᠠ᠃    ᠠᠰᠢᠬᠠᠨ ᠰᠤᠮᠤ ᠶᠢᠨ ᠤᠯᠠᠭᠠᠬᠤᠳᠤ ᠭᠠᠴᠠᠭᠠᠨ ᠤ ᠮᠠᠯᠴᠢᠨ ᠴᠠᠭᠠᠨ ᠪᠤᠯᠤᠨ ᠪᠦᠬᠡᠴᠢᠯᠠᠭᠤ ᠬᠤᠶᠠᠷ ᠪᠤᠯ ᠬᠦᠷᠰᠢ ᠵᠡᠷᠭᠡᠯᠡᠳᠡᠭᠡ ᠰᠠᠭᠤᠷᠢᠰᠢᠳᠠᠭ ᠢᠶᠠᠨ ᠪᠡᠯᠴᠢᠭᠡᠷ ᠬᠠᠳᠤᠯᠠᠩ ᠨᠢ ᠵᠠᠬ᠎ᠠ ᠨᠡᠶᠢᠯᠡᠯᠳᠦᠵᠤ ᠪᠠᠶᠢᠳᠠᠭ᠃ ᠬᠤᠶᠠᠷ ᠠᠶᠢᠯ ᠤᠨ ᠬᠤᠨᠢ ᠮᠠᠯ ᠤᠨ ᠰᠦᠷᠦᠭ ᠨᠢ ᠨᠦᠬᠦᠭᠡ ᠠᠶᠢᠯ ᠤᠨ ᠢᠶᠠᠨ ᠪᠡᠯᠴᠢᠭᠡᠷ ᠬᠠᠳᠤᠯᠠᠩ ᠳᠤ ᠤᠷᠤᠳᠠᠭ ᠠᠴᠠ ᠦᠷᠬᠦᠯᠵᠢ ᠵᠦᠷᠢᠴᠡᠯ ᠮᠦᠷᠬᠦᠯᠳᠦᠭᠡᠨ ᠡᠭᠦᠰᠴᠤ᠂ ᠠᠶᠢᠯ ᠬᠤᠭᠤᠷᠤᠨᠳᠤᠬᠢ ᠡᠶ᠎ᠡ ᠨᠠᠶᠢᠷ ᠮᠠᠭᠤᠳᠡᠢ ᠪᠠᠶᠢᠵᠠᠢ᠃ 2017 ᠤᠨ ᠤ 6 ᠰᠠᠷ᠎ᠠ ᠶᠢᠨ 20 ᠤ ᠡᠳᠦᠷ ᠤᠨ ᠦᠳᠡ ᠶᠢᠨ ᠡᠮᠤᠨ᠎ᠡ ᠪᠦᠭᠡᠴᠢᠯᠠᠭᠤ ᠶᠢᠨ ᠵᠠᠭᠤ ᠭᠠᠷᠤᠢ ᠢᠮᠠᠭᠠᠨ ᠰᠦᠷᠦᠭ ᠨᠢ ᠴᠠᠭᠠᠨ ᠤ ᠪᠡᠯᠴᠢᠭᠡᠷ ᠬᠠᠳᠣᠯᠠᠩ ᠳᠤ ᠣᠷᠣᠬᠰᠠᠨ ᠠᠴᠠ ᠴᠠᠭᠠᠨ ᠪᠦᠬᠡᠴᠢᠯᠠᠭᠤ ᠶᠢᠨ ᠢᠮᠠᠭᠠᠨ ᠰᠦᠷᠦᠭ ᠠᠴᠠ ᠭᠤᠷᠪᠠᠨ ᠢᠮᠠᠭ᠎ᠠ ᠶᠢ ᠨᠢ ᠪᠠᠷᠢᠵᠣ ᠠᠪᠤᠭᠠᠳ ᠪᠡᠯᠴᠢᠭᠡᠷ ᠰᠦᠢᠳᠦᠭᠰᠡᠨ ᠨᠦᠬᠦᠪᠤᠷᠢ ᠪᠤᠯᠭᠠᠨ ᠪᠠᠷᠢᠴᠠᠭᠠᠯᠠᠪᠠ᠂ ᠡᠬᠦᠨ ᠳᠤ ᠴᠠᠭᠠᠨ ᠪᠦᠬᠡᠴᠢᠯᠠᠭᠤ ᠬᠤᠶᠠᠷ ᠵᠢᠭᠤᠷᠠᠭᠠᠨ ᠪᠤᠯᠵᠤ ᠰᠤᠮᠤ ᠶᠢᠨ ᠲᠤᠮᠢᠯᠠᠭᠰᠠᠨ ᠰᠠᠯᠪᠤᠷᠢ ᠳᠤ ᠮᠡᠳᠡᠬᠦᠯᠦᠭᠰᠡᠨ ᠪᠠᠶᠢᠨ᠎ᠠ᠃    ᠠᠰᠢᠬᠠᠨ ᠳᠠᠬᠢ ᠲᠤᠮᠢᠯᠠᠭᠰᠠᠨ ᠰᠠᠯᠪᠤᠷᠢ ᠶᠢᠨ ᠴᠠᠭᠳᠠᠭ᠎ᠠ ᠨᠠᠷ ᠲᠤᠬᠠᠢ ᠶᠢᠨ ᠲᠠᠯᠠᠪᠤᠷ ᠲᠤᠨᠢ ᠬᠦᠷᠴᠤ ᠪᠠᠶᠢᠳᠠᠯ ᠢ ᠤᠶᠢᠯᠠᠭᠠᠭᠰᠠᠨ ᠤ ᠲᠠᠷᠠᠭ᠎ᠠ ᠭᠠᠴᠠᠭᠠᠨ ᠤ ᠺᠠᠳ᠋ᠷ ᠨᠠᠷ ᠲᠠᠢ ᠬᠠᠮᠳᠤ ᠪᠠᠷ ᠨᠤᠳᠤᠭ ᠪᠡᠯᠴᠢᠭᠡᠷ ᠤᠨ ᠬᠢᠨᠢ ᠵᠠᠭᠠᠭ ᠱᠤᠭᠤᠮ ᠢ ᠤᠯᠠᠮ ᠨᠢᠭᠡ ᠠᠯᠬᠤᠮ ᠲᠤᠳᠤᠷᠬᠠᠶᠢᠯᠠᠨ ᠦᠭᠭᠦᠭᠰᠡᠨ ᠤ ᠬᠠᠮᠳᠤ ᠲᠤᠰ ᠬᠤᠶᠠᠷ ᠬᠦᠮᠦᠨ ᠢ ᠲᠤᠮᠢᠯᠠᠭᠰᠠᠨ ᠰᠠᠯᠪᠤᠷᠢ ᠳᠠᠭᠠᠨ ᠲᠠᠭᠤᠳᠠᠵᠤ᠂ ᠬᠦᠯᠢᠴᠡᠩᠬᠦᠢ ᠪᠠᠷ ᠬᠠᠤᠯᠢ ᠴᠠᠭᠠᠵᠠ᠂ ᠬᠠᠤᠯᠢ ᠲᠦᠷᠢᠮ ᠤᠨ ᠬᠦᠮᠦᠵᠢᠯ ᠬᠢᠵᠤ᠂ ᠵᠤᠬᠢᠴᠠᠭᠤᠯᠬᠤ ᠠᠵᠢᠯ ᠢ ᠰᠠᠶᠢᠳᠤᠷ ᠬᠢᠭᠰᠡᠨ ᠪᠠᠶᠢᠨ᠎ᠠ᠃ ᠠᠰᠢᠬᠠᠨ ᠳᠠᠬᠢ ᠲᠤᠮᠢᠯᠠᠭᠰᠠᠨ ᠰᠠᠯᠪᠤᠷᠢ ᠶᠢᠨ ᠴᠠᠭᠳᠠᠭ᠎ᠠ ᠨᠠᠷ ᠤᠨ ᠨᠠᠷᠢᠨ ᠬᠢᠨᠠᠮᠠᠭᠠᠢ ᠬᠠᠷᠢᠭᠤᠴᠠᠯᠭᠠᠳᠤ ᠠᠵᠢᠯ ᠤᠨ ᠰᠤᠷᠳᠠᠯ ᠳᠤ ᠲᠤᠰ ᠬᠤᠶᠠᠷ ᠮᠠᠯᠴᠢᠨ ᠰᠡᠳᠬᠢᠯ ᠬᠦᠳᠡᠯᠵᠤ ᠂ ᠬᠤᠶᠠᠷ ᠡᠳᠡᠭᠡᠳ ᠢᠶᠠᠷ ᠢᠶᠠᠨ ᠭᠠᠷ ᠠᠳᠬᠤᠨ ᠡᠪᠰᠡᠭᠰᠡᠨ ᠤ ᠬᠠᠮᠳᠤ ᠠᠶᠢᠯ ᠠᠶᠢᠮᠠᠭ ᠤᠨ ᠠᠮᠢᠨ ᠨᠢᠭᠡ ᠭᠡᠳᠡᠭ ᠢᠶᠠᠷ ᠡᠬᠦᠨ ᠠᠴᠠ ᠬᠤᠶᠢᠰᠢ ᠠᠶᠢᠯ ᠬᠤᠭᠤᠷᠤᠨᠳᠤ ᠪᠠᠨ ᠡᠪ ᠨᠠᠶᠢᠷ ᠲᠠᠢ ᠶᠠᠪᠤᠯᠴᠠᠵᠤ᠂ ᠬᠠᠮᠳᠤ ᠪᠠᠷ ᠵᠤᠯ ᠵᠢᠷᠭᠠᠯᠳᠤ ᠠᠮᠢᠳᠤᠷᠠᠯ ᠢᠶᠠᠨ ᠴᠤᠭᠴᠠᠯᠠᠨ᠎ᠠ ᠭᠡᠵᠤ ᠵᠣᠷᠢᠭ ᠢᠶᠠᠨ ᠢᠯᠡᠳᠭᠡᠭᠰᠡᠨ ᠪᠠᠶᠢᠨ᠎ᠠ᠃                                                                              ᠬᠠᠰᠳᠠᠯᠠᠢ
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号