ᠤᠶᠢᠷ᠎ᠠ ᠳᠤ᠂ ᠲᠣᠮᠣ ᠬᠡᠯᠪᠡᠷᠢ ᠶᠢᠨ ᠪᠤᠳᠠᠲᠣ ᠦᠵᠡᠭᠳᠡᠯᠲᠦ ᠵᠦᠴᠦᠭᠡ《 ᠨᠤᠭᠤᠨᠵᠠᠶᠠᠭ᠎ᠠ》 ᠶᠢ ᠬᠠᠰ | ᠯᠣᠣ ᠡᠯᠡᠰᠦᠨ ᠨᠠᠭᠤᠷ ᠲᠤ ᠠᠮᠵᠢᠯᠲᠠᠲᠠᠢ ᠳᠣᠷᠰᠢᠨ ᠲᠤᠭᠯᠠᠪᠠ᠃ ᠲᠤᠰ ᠵᠦᠴᠦᠭᠡ ᠨᠢ ᠤᠩᠨᠢᠭᠤᠳ ᠬᠤᠰᠢᠭᠤᠨ ᠤ | ᠵᠡᠭᠦᠨ ᠬᠡᠰᠡᠭ ᠤᠨ ᠮᠠᠯᠵᠢᠬᠤ ᠤᠷᠣᠨ ᠤ ᠯᠤᠤᠬ᠎ᠠ ᠶᠢᠨ ᠭᠤᠣᠯ ᠤᠨ ᠬᠦᠪᠡᠭᠡᠨ ᠤ ᠠᠷᠠᠳ ᠤᠨ ᠳᠠᠭᠤᠣ ᠪᠠᠷ | ᠰᠡᠳᠦᠪᠯᠡᠵᠣ᠂ ᠤᠳᠤᠬᠢᠴᠢᠯᠠᠭᠰᠠᠨ ᠳᠠᠭᠤᠨ᠂ ᠭᠡᠷᠡᠯ ᠂ ᠴᠠᠬᠢᠯᠭᠠᠨ ᠢ ᠣᠶᠠᠯᠳᠣᠭᠤᠯᠬᠤ ᠬᠡᠯᠪᠡᠷᠢ ᠪᠠᠷ 70 ᠭᠠᠷᠦᠢ | ᠵᠢᠯ ᠤᠨ ᠡᠮᠦᠨ᠎ᠡ ᠮᠤᠩᠭᠤᠯ ᠬᠡᠦᠬᠡᠨ ᠨᠤᠭᠤᠨᠵᠠᠶᠠᠭ᠎ᠠ ᠭᠡᠷ ᠨᠣᠲᠤᠭ ᠠᠴᠠ ᠪᠠᠨ ᠠᠶᠠᠷᠯᠡᠨ ᠰᠠᠯᠵᠣ᠂ ᠨᠡᠯᠦᠭᠡᠷ ᠶᠡᠭᠡ | ᠡᠯᠡᠰᠦᠨ ᠴᠦᠯ ᠢ ᠲᠣᠭᠤᠯᠣᠨ ᠬᠠᠷᠢ ᠳᠤ ᠮᠤᠷᠲᠠᠭᠰᠠᠨ ᠦᠯᠢᠭᠡᠷ ᠢ ᠭᠦᠦᠷᠨᠢᠵᠣ᠂ ᠦᠵᠡᠭᠳᠡᠯ ᠢ ᠳᠠᠬᠢᠨ ᠢᠯᠡᠷᠡᠭᠦᠯᠬᠦ | ᠠᠷᠭ᠎ᠠ ᠬᠡᠯᠪᠡᠷᠢ ᠪᠠᠷ ᠮᠤᠩᠭᠤᠯ ᠦᠨᠳᠦᠰᠦᠲᠡᠨ ᠤ ᠬᠤᠷᠢᠮ ᠶᠤᠰᠣᠯᠠᠯ᠂ ᠤᠨᠴᠠᠭᠠᠶᠢᠯᠠᠨ ᠤᠩᠨᠢᠭᠤᠳ ᠬᠤᠰᠢᠭᠤᠨ ᠤ | ᠮᠤᠩᠭᠤᠯᠴᠣᠳ ᠤᠨ ᠵᠠᠩ ᠵᠠᠩᠰᠢᠯ ᠢ ᠲᠡᠯᠭᠡᠨ ᠦᠵᠡᠭᠦᠯᠪᠡ᠃ | ᠲᠠᠨᠢᠯᠴᠠᠭᠤᠯᠬᠤ ᠪᠠᠷ᠂ 2017 ᠣᠨ ᠳᠤ᠂ ᠪᠦᠬᠦ ᠤᠷᠣᠨ ᠤ ᠬᠠᠮᠤᠭ ᠠᠩᠬᠠᠨ ᠤ ᠲᠣᠮᠣ ᠬᠡᠯᠪᠡᠷᠢ ᠶᠢᠨ | ᠪᠤᠳᠠᠲᠣ ᠦᠵᠡᠭᠳᠡᠯᠲᠦ ᠵᠦᠴᠦᠭᠡ ᠶᠢ ᠡᠭᠦᠳᠦᠨ ᠪᠦᠲᠦᠭᠡᠬᠦ ᠶᠢᠨ ᠲᠦᠯᠦᠭᠡ᠂ ᠨᠡᠶᠢᠲᠡ 700 ᠲᠦᠮᠡᠨ ᠲᠦᠭᠦᠷᠢᠭ | ᠪᠡᠯᠡ ᠤᠷᠣᠭᠤᠯᠵᠤ᠂ 1000 ᠬᠦᠮᠦᠨ ᠢ ᠪᠠᠭᠲᠠᠭᠠᠬᠤ ᠵᠦᠴᠦᠭᠡ ᠶᠢᠨ ᠲᠢᠲᠠᠲᠷ ᠪᠠᠶᠢᠭᠤᠯᠵᠣ᠂ ᠡᠯᠡᠰᠦᠨ | ᠨᠠᠭᠤᠷ ᠤᠨ ᠦᠵᠡᠮᠵᠢ ᠶᠢᠨ ᠤᠷᠣᠨ ᠤ ᠡᠯᠡᠰᠦᠨ ᠴᠦᠯ᠂ ᠨᠤᠭᠤᠭᠠᠨ ᠲᠠᠯ᠎ᠠ ᠵᠡᠷᠭᠡ ᠠᠯᠢ ᠤᠯᠠᠨ ᠦᠵᠡᠮᠵᠢ ᠶᠢ | ᠵᠦᠴᠦᠭᠡ ᠶᠢᠨ ᠲᠤᠭᠯᠠᠯᠲᠠ ᠶᠢᠨ ᠠᠷᠦ ᠦᠵᠡᠭᠳᠡᠯ ᠢᠶᠠᠨ ᠪᠤᠯᠭᠠᠵᠣ᠂ ᠲᠦᠷᠪᠡᠨ ᠵᠦᠭ ᠨᠠᠢᠮᠠᠨ ᠵᠣᠪᠬᠢᠰ ᠤᠨ | ᠵᠢᠭᠤᠯᠴᠢᠯᠠᠭᠰᠠᠳ ᠲᠤ ᠨᠣᠭᠤᠨᠵᠠᠶᠠᠭ᠎ᠠ ᠶᠢᠨ ᠦᠯᠢᠭᠡᠷ ᠢ ᠨᠢᠳᠦᠨ ᠳᠤ ᠦᠵᠡᠭᠳᠡᠵᠦ ᠭᠠᠷ ᠲᠤ ᠪᠠᠷᠢᠭᠳᠠᠮ᠎ᠠ ᠲᠡᠯᠭᠡᠨ | ᠦᠵᠡᠭᠦᠯᠦᠭᠰᠡᠨ ᠪᠠᠶᠢᠨ᠎ᠠ᠃ | ᠵᠦᠴᠦᠭᠡ ᠶᠢᠨ ᠲᠤᠭᠯᠠᠯᠲᠠ ᠶᠢᠨ ᠪᠦᠯᠬᠦᠮ ᠨᠢ ᠣᠩᠨᠢᠭᠤᠳ ᠬᠤᠰᠢᠭᠤᠨ ᠤ ᠣᠯᠠᠭᠠᠨᠮᠦ᠋ᠴᠢᠷ ᠤᠨ ᠲᠣᠭᠯᠠᠭᠴᠢ | ᠪᠠ ᠲᠣᠬᠠᠢ ᠶᠢᠨ ᠭᠠᠵᠠᠷ ᠤᠨ ᠮᠠᠯᠴᠢᠨ ᠲᠦᠮᠡᠨ ᠢᠶᠠᠷ ᠪᠦᠷᠢᠯᠳᠦᠵᠣ ᠂ ᠪᠦᠬᠦᠶᠢᠯᠡ ᠵᠦᠴᠦᠭᠡ ᠨᠢ ᠳᠦᠷᠪᠡᠨ ᠬᠡᠰᠡᠭ | ᠬᠤᠪᠢᠶᠠᠭᠳᠠᠨ ᠨᠢᠭᠡ ᠴᠠᠭ ᠥᠷᠭᠦᠯᠵᠢᠯᠡᠨᠠ᠃ ᠲᠤᠰ ᠵᠦᠴᠦᠭᠡ ᠶᠢ ᠠᠮᠵᠢᠯᠲᠠᠲᠠᠢ ᠲᠣᠷᠰᠢᠨ ᠲᠤᠭᠯᠠᠭᠰᠠᠨ ᠨᠢ | ᠣᠯᠠᠭᠠᠨᠬᠠᠳᠠ ᠶᠢᠨ ᠪᠤᠲᠠᠳᠣ ᠦᠵᠡᠭᠲᠡᠯᠲᠦ ᠵᠦᠴᠦᠭᠡ ᠶᠢᠨ ᠬᠤᠭᠤᠰᠣᠨ ᠢ ᠨᠦᠬᠦᠪᠦᠷᠢᠯᠡᠵᠣ᠂ ᠤᠩᠨᠢᠭᠤᠳ | ᠬᠤᠰᠢᠭᠤᠨ ᠤ ᠣᠯᠠᠨ ᠵᠢᠯ ᠤᠨ ᠲᠣᠷᠰᠢᠬᠢ ᠰᠤᠶᠤᠯ ᠪᠠ ᠵᠢᠭᠤᠯᠴᠢᠯᠠᠯ ᠢ ᠭᠦᠨᠴᠡ ᠠᠭᠤᠰᠣᠯᠴᠠᠭᠤᠯᠣᠭᠰᠠᠨ | ᠠᠮᠵᠢᠯᠲᠠᠲᠠᠢ ᠵᠢᠱᠢᠶ᠎ᠡ ᠪᠤᠯᠵᠣ᠂ ᠰᠤᠶᠤᠯ ᠤᠨ ᠨᠡᠷ᠎ᠡ ᠠᠯᠲᠠᠷᠴᠠ ᠪᠠ ᠨᠥᠯᠦᠭᠡᠯᠡᠬᠦ ᠬᠦᠴᠦᠨ ᠢ ᠨᠡᠮᠡᠭᠳᠡᠭᠦᠯᠵᠦ᠂ | ᠲᠣᠰ ᠬᠤᠰᠢᠭᠤᠨ ᠤ ᠪᠤᠳᠠᠰ ᠤᠨ ᠪᠤᠰᠣ ᠰᠤᠶᠤᠯ ᠤᠨ ᠥᠪ ᠤᠨ ᠬᠠᠮᠠᠭᠠᠯᠠᠯᠲᠠ᠂ ᠣᠯᠠᠮᠵᠢᠯᠠᠯ ᠪᠠ ᠬᠦᠭᠵᠢᠯᠲᠡ ᠳᠤ | ᠢᠳᠡᠪᠬᠢᠲᠠᠢ ᠦᠢᠯᠡᠳᠦᠯ ᠦᠵᠡᠭᠦᠯᠬᠦ ᠪᠤᠯᠤᠨ᠎ᠠ᠃ | | | | | | | | | | | | ᠭᠡᠷᠡᠯ ᠵᠢᠷᠤᠭ ᠢ ᠮᠠᠣ ᠹᠧᠩ ᠴᠢᠥᠸᠠᠨ ᠬᠠᠩᠭᠠᠪᠠ | | |