| ᠤᠷᠢᠳᠤ ᠨᠢᠭᠡ ᠪᠠᠶᠠᠨ ᠬᠦᠮᠦᠨ ᠪᠠᠶᠢᠵᠤ ᠭᠡᠨ᠎ᠡ᠃ ᠨᠢᠬᠡ ᠡᠳᠤᠷ ᠶᠡᠷᠳᠢᠨᠴᠤ ᠶᠢᠨ ᠶᠠᠪᠤᠳᠠᠯ ᠢ ᠨᠡᠪᠳᠡ | ᠦᠵᠡᠵᠤ ᠠᠶᠢᠯᠠᠳᠳᠠᠭ ᠮᠡᠷᠭᠡᠨ ᠲᠦᠯᠭᠡᠴᠢ ᠡᠷᠦᠬᠡ ᠭᠡᠷ ᠲᠤᠨᠢ ᠢᠷᠡᠵᠤ ᠭᠡᠷ ᠤᠨ ᠡᠵᠡᠨ ᠳᠤ ᠲᠦᠯᠭᠡ ᠦᠵᠡᠵᠤ | ᠦᠭᠪᠡ ᠭᠡᠨ᠎ᠡ᠃ ᠲᠦᠯᠭᠡᠴᠢ ᠠᠴᠠ ᠪᠠᠶᠠᠨ ᠤ ᠴᠢᠷᠠᠢ ᠶᠢ ᠤᠳᠠᠳᠠᠯ᠎ᠠ ᠰᠢᠨᠵᠢᠵᠤ ᠠᠵᠢᠭᠯᠠᠭᠠᠳ ᠪᠢᠯᠢᠭ ᠤᠨ | ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠤ ᠦᠳᠡ ᠶᠢᠨ ᠬᠤᠶᠢᠨ᠎ᠠ ᠬᠤᠶᠠᠷ ᠴᠠᠭ ᠪᠤᠯᠳᠠᠯ᠎ᠠ ᠦᠬᠡᠷ ᠤᠨ | ᠡᠪᠡᠷ ᠢ ᠬᠢᠴᠢᠶᠡ᠂ ᠦᠭᠡᠢ ᠪᠤᠯ ᠦᠬᠡᠷ ᠤᠨ ᠡᠪᠡᠷ ᠲᠤ ᠮᠦᠷᠭᠦᠭᠳᠡᠬᠦ ᠪᠤᠶᠤ ᠬᠠᠳᠬᠤᠭᠳᠠᠵᠤ ᠦᠭᠦᠨᠡ ᠭᠡᠵᠣ | ᠠᠶᠢᠯᠠᠳᠬᠠᠵᠤ ᠭᠡᠨ᠎ᠡ᠃ ᠪᠠᠶᠠᠨ ᠠᠴᠠ᠂〈ᠶᠠᠭᠠᠬᠢᠪᠠᠯ ᠵᠤᠬᠢᠨ᠎ᠠ ᠪᠣᠢ︖〉 ᠭᠡᠰᠡᠨ ᠳᠤ ᠲᠦᠯᠭᠡᠴᠢ ᠠᠴᠠ᠂ | 〈ᠲᠡᠷᠡ ᠡᠳᠦᠷ ᠦᠬᠡᠷ ᠲᠠᠢ ᠪᠢᠳᠡᠬᠡᠢ ᠦᠢᠷᠠᠳᠣ 〉ᠭᠡᠪᠡ᠃ | ᠪᠠᠶᠠᠨ ᠠᠴᠠ ᠲᠦᠯᠭᠡᠴᠢ ᠶᠢᠨ ᠬᠡᠯᠡᠭᠰᠡᠨ ᠲᠡᠷᠡ ᠡᠳᠣᠷ ᠠᠴᠠ ᠡᠬᠢᠯᠡᠨ ᠪᠦᠳᠦᠭᠦᠨ ᠪᠦᠳᠦᠭᠦᠨ ᠮᠤᠳᠤ | ᠤᠭᠲᠤᠯᠵᠤ ᠮᠣᠳᠣᠨ ᠠᠰᠠᠷ ᠪᠠᠶᠢᠭᠤᠯᠵᠤ ᠠᠰᠠᠷ ᠲᠡᠭᠡᠷ᠎ᠡ ᠪᠠᠨ ᠭᠠᠷᠴᠤ ᠰᠠᠭᠤᠬᠤ ᠶᠢᠨ ᠳᠠᠭᠠᠤ ᠲᠡᠷᠡ ᠡᠳᠣᠷ ᠨᠢ | ᠠᠷᠪᠠᠭᠠᠳ ᠰᠠᠶᠢᠨ ᠡᠷ᠎ᠡ ᠶᠢ ᠮᠤᠳᠤ ᠰᠢᠳᠠᠮ ᠪᠠᠷᠢᠭᠤᠯᠵᠤ ᠦᠬᠡᠷ ᠶᠢ ᠬᠦᠭᠡᠭᠡᠯᠭᠡᠵᠤ ᠭᠡᠨ᠎ᠡ᠃ ᠲᠡᠷᠡ ᠡᠳᠤᠷ ᠨᠢ | ᠦᠨᠡᠬᠡᠷ ᠬᠠᠯᠠᠭᠤᠨ ᠨᠠᠷᠠᠨ ᠳᠤ ᠬᠡᠳᠡᠭᠡᠨᠡᠭᠳᠡᠭᠰᠡᠨ ᠦᠬᠡᠷ ᠵᠦᠭ ᠪᠦᠷ ᠠᠴᠠ ᠮᠦᠭᠡᠷᠦᠯᠴᠡᠨ ᠮᠤᠳᠤᠨ ᠠᠰᠠᠷ ᠤᠨ | ᠰᠡᠭᠦᠳᠡᠷ ᠲᠤ ᠵᠤᠭᠰᠤᠬᠤ ᠪᠠᠷ ᠢᠷᠡᠭᠰᠡᠨ ᠢ ᠠᠷᠪᠠᠭᠠᠳ ᠡᠷᠡᠰ ᠬᠦᠯᠦᠰᠦ ᠭᠠᠷᠳᠠᠯ᠎ᠠ ᠬᠦᠭᠡᠭᠡᠵᠤ ᠦᠳᠡ ᠶᠢᠨ | ᠬᠤᠶᠢᠨ᠎ᠠ ᠬᠤᠶᠠᠷ ᠴᠠᠭ ᠪᠤᠯᠳᠠᠯ᠎ᠠ ᠠᠵᠢᠯᠯᠭᠠᠳ ᠠᠰᠠᠷ ᠳᠡᠭᠡᠷ᠎ᠡ ᠭᠠᠷᠴᠤ ᠦᠵᠡᠭᠰᠡᠨ ᠳᠤ ᠪᠠᠶᠠᠨ ᠨᠢᠭᠡᠨᠳᠡ | ᠦᠬᠦᠴᠢᠭᠡᠪᠡ ᠭᠡᠨ᠎ᠡ᠃ ᠤᠴᠢᠷ ᠠᠨᠤ ᠭᠠᠳᠠᠨ᠎ᠠ ᠮᠤᠳᠤᠨ ᠠᠰᠠᠷ ᠲᠤᠤᠷ᠎ᠠ ᠦᠬᠡᠷ ᠪᠤᠯᠤᠨ ᠦᠬᠡᠷᠴᠢᠳ ᠦᠢᠮᠡᠭᠡᠨ | ᠪᠤᠯᠵᠤ ᠪᠠᠶᠢᠬᠤ ᠳᠤ ᠪᠠᠶᠠᠨ ᠤ ᠴᠢᠬᠢ ᠨᠢ ᠵᠠᠭᠠᠳᠤᠭᠠᠨᠠᠬᠤ ᠳᠤ ᠵᠡᠭᠦᠵᠤ ᠪᠠᠶᠢᠭᠰᠠᠨ ᠴᠢᠬᠢᠨ ᠬᠤᠳᠬᠤᠭᠤᠷ ᠢᠶᠠᠷ | ᠢᠶᠠᠨ ᠴᠢᠬᠢ ᠪᠠᠨ ᠤᠬᠤᠴᠢᠯᠠᠵᠤ ᠪᠠᠶᠢᠭᠠᠳ ᠰᠤᠴᠢᠭᠰᠡᠨ ᠬᠦᠴᠦᠨ ᠲᠡᠭᠡᠨ ᠴᠢᠬᠢ ᠪᠠᠨ ᠬᠠᠳᠬᠤᠵᠤ ᠦᠬᠦᠴᠢᠬᠡᠪᠡ | ᠭᠡᠨ᠎ᠡ᠃ ᠲᠡᠭᠦᠨ ᠤ ᠴᠢᠬᠢᠨ ᠬᠤᠳᠬᠤᠭᠤᠷ ᠨᠢ ᠦᠬᠡᠷ ᠤᠨ ᠡᠪᠡᠷ ᠪᠠᠷ ᠬᠢᠭᠰᠡᠨ ᠠᠵᠤᠭᠤ᠃ | |