ᠤᠩᠨᠢᠭᠤᠳ ᠬᠤᠪᠴᠠᠰᠤ ᠵᠠᠰᠠᠯ ︵ᠭᠤᠷᠪᠠ︶
ᠨᠡᠶᠢᠲᠡᠯᠡᠭᠰᠡᠨ ᠴᠠᠭ᠄
2017/9/11
    ᠤᠩᠨᠢᠭᠤᠳ ᠬᠤᠪᠴᠠᠰᠤ ᠵᠠᠰᠠᠯ ︵ᠭᠤᠷᠪᠠ︶           ᠲᠠᠮᠠᠭᠢᠨ ᠬᠠᠪᠳᠠᠭ᠎ᠠ᠂ ᠪᠦᠭᠡᠷᠡᠨ ᠬᠠᠪᠳᠠᠭ᠎ᠠ᠂ ᠵᠠᠳᠠᠪᠴᠢ᠂ ᠵᠢᠪᠴᠢ᠂ ᠱᠠᠨᠰᠠᠨ ᠤ ᠭᠡᠷ᠂ ᠲᠠᠶᠢᠯᠤᠤᠷ᠂ ᠬᠤᠷᠮᠦ᠋ᠢᠪᠴᠢ᠂ ᠭᠡᠳᠡᠪᠴᠢ᠂ ᠬᠤᠷᠠᠮᠰᠠᠭ᠎ᠠ᠂ ᠤᠯᠪᠤᠭ᠂ ᠲᠦᠰᠢᠯᠭᠡ ᠶᠢᠨ ᠪᠦᠷᠭᠦᠭᠦᠯ᠂ ᠡᠮᠡᠭᠡᠯ ᠤᠨ ᠲᠡᠪᠰᠡ᠂ ᠴᠤᠩᠬᠤᠨ ᠤᠷᠭᠢᠭᠤᠯ᠂ ᠲᠡᠷ᠎ᠡ ᠶᠢᠨ ᠨᠢᠭᠤᠷ ᠵᠡᠷᠭᠡ ᠪᠤᠯ ᠤᠩᠨᠢᠭᠤᠳ ᠮᠤᠩᠭᠤᠯᠴᠤᠳ ᠤᠨ ᠦᠷᠭᠦᠯᠵᠢ ᠵᠠᠷᠤᠵᠤ ᠭᠡᠷᠡᠭᠯᠡᠳᠡᠭ ᠠᠮᠢᠳᠤᠷᠠᠯ ᠤᠨ ᠭᠡᠷᠡᠭᠰᠡᠯ ᠪᠤᠯᠤᠨ᠎ᠠ᠃ ᠡᠳᠡᠭᠡᠷ ᠢ ᠤᠶᠤᠬᠤ ᠳᠤ ᠪᠦᠷ ᠤᠷᠢᠶᠠᠮᠠᠯ᠂ ᠬᠠᠳᠬᠤᠮᠠᠯ᠂ ᠨᠠᠭᠠᠮᠠᠯ ᠤᠶᠤᠳᠠᠯ ᠤᠨ ᠤᠷ᠎ᠠ ᠮᠡᠷᠭᠡᠵᠢᠯ ᠢ ᠭᠡᠷᠡᠭᠯᠡᠳᠡᠭ᠃      ᠮᠠᠩᠨᠤᠭ ᠲᠡᠪᠡᠯ ᠢ ᠯᠤᠤᠳᠤ ᠲᠡᠪᠡᠯ᠂ ᠮᠠᠩᠳᠤ ᠲᠡᠪᠡᠯ ᠭᠡᠵᠤ ᠬᠤᠪᠢᠶᠠᠳᠠᠭ᠃ ᠮᠠᠩᠨᠤᠭ ᠲᠡᠪᠡᠯ ᠳᠤ ᠡᠷᠭᠢᠭᠦᠯᠭᠡ ᠲᠠᠢ᠃ ᠯᠤᠤᠳᠤ ᠲᠡᠪᠡᠯ ᠢ ᠬᠠᠭᠠᠨ ᠡᠵᠡᠨ ᠪᠠ ᠬᠠᠭᠠᠨ ᠡᠵᠡᠨ ᠤ ᠤᠭᠰᠤᠭ᠎ᠠ ᠲᠦᠷᠦᠯ᠂ ᠲᠠᠶᠢᠵᠢ ᠭᠠᠷᠤᠯ ᠲᠠᠢ ᠭᠦᠮᠦᠰ ᠡᠮᠦᠰᠴᠦ ᠪᠠᠶᠢᠵᠠᠢ᠃ ᠮᠠᠩᠳᠤ ᠲᠡᠪᠡᠯ ᠤᠨ ᠭᠡᠯᠪᠡᠷᠢ ᠲᠦᠷᠰᠦ ᠨᠢ ᠯᠤᠤᠳᠤ ᠲᠡᠪᠡᠯ ᠲᠠᠢ ᠠᠳᠠᠯᠢ ᠪᠤᠯᠪᠠᠴᠤ ᠲᠡᠭᠦᠨ ᠤ ᠲᠡᠭᠡᠷ᠎ᠡ ᠯᠤᠤ ᠭᠠᠷᠤᠳᠠᠢ ᠶᠢᠨ ᠵᠢᠷᠤᠭ ᠦᠭᠡᠢ ᠶᠤᠮ᠃      ᠤᠩᠨᠢᠭᠤᠳ ᠲᠡᠷᠯᠢᠭ ᠤᠨ ᠵᠠᠭᠠᠮ᠎ᠠ ᠵᠠᠬ᠎ᠠ᠂ ᠴᠠᠯᠮ᠎ᠠ᠂ ᠡᠩᠭᠡᠷ᠂ ᠬᠤᠷᠮᠤᠢ᠂ ᠬᠠᠨᠴᠤᠢ᠂ ᠪᠡᠯᠴᠢᠩ᠂ ᠨᠢᠳᠤᠷᠭ᠎ᠠ᠂ ᠤᠨᠤᠭᠤ ᠵᠡᠷᠭᠡ ᠨᠢ ᠬᠤᠷᠴᠢᠨ ᠪᠠᠭᠠᠷᠢᠨ ᠲᠡᠷᠯᠢᠭ ᠲᠠᠢ ᠦᠨᠳᠦᠰᠦᠨ ᠳᠤ ᠪᠠᠨ ᠠᠲᠠᠯᠢ ᠪᠤᠯᠪᠠᠴᠤ ᠤᠩᠨᠢᠭᠤᠳ ᠮᠤᠩᠭᠤᠯᠴᠤᠳ ᠤᠭᠳᠤᠷ ᠪᠤᠰᠤᠭ᠎ᠠ ᠵᠠᠭᠠᠮ᠎ᠠ ᠶᠢ ᠢᠯᠡᠭᠦᠦ ᠡᠷᠭᠢᠮᠯᠡᠳᠡᠭ᠃ ᠡᠳᠡᠭᠡᠷ ᠵᠦᠢᠯ ᠢ ᠤᠶᠤᠬᠤ ᠳᠤ ᠬᠠᠳᠬᠤᠮᠠᠯ ᠢᠶᠠᠷ ᠭᠤᠤᠯ ᠪᠤᠯᠭᠠᠳᠠᠭ᠃ ᠤᠯᠠᠩᠭᠢ ᠡᠮᠡᠭᠲᠠᠶᠢᠴᠤᠳ ᠤᠨ ᠵᠠᠰᠠᠯ ᠤᠨ ᠦᠩᠭᠡ ᠤᠤᠵᠢ ᠤᠨ ᠡᠩᠭᠡᠷ ᠠᠷᠤ ᠨᠢ ᠤᠷᠠᠨ ᠬᠠᠳᠬᠤᠮᠠᠯ ᠢᠶᠠᠷ ᠲᠦᠭᠦᠷᠴᠦ ᠪᠠᠶᠢᠳᠠᠭ᠃ ᠤᠩᠨᠢᠭᠤᠳ ᠮᠤᠩᠭᠤᠯᠴᠤᠳ ᠳᠤᠳᠤᠷ᠎ᠠ ᠪᠠᠨ ᠤᠪᠤᠭ ᠤᠭᠰᠠᠭ᠎ᠠ᠂ ᠭᠠᠴᠠᠭ᠎ᠠ ᠳᠤᠰᠬᠤᠨ ᠤ ᠢᠯᠭᠠᠯ ᠲᠠᠢ ᠠᠴᠠ ᠪᠤᠯᠵᠤ᠂ ᠬᠤᠪᠴᠠᠰᠤ ᠵᠠᠰᠠᠯ ᠤᠨ ᠤᠶᠤᠳᠠᠯ ᠨᠢ ᠬᠤᠭᠤᠷᠤᠨᠳᠤ ᠪᠠᠨ ᠪᠠᠭ᠋ᠠᠨ ᠵᠦᠷᠢᠶ᠎ᠡ ᠲᠠᠢ ᠪᠠᠶᠢᠳᠠᠭ᠃ ᠵᠠᠷᠢᠮ ᠤᠪᠤᠭ ᠤᠭᠰᠠᠭᠠᠳᠠᠨ ᠨᠢ ᠬᠤᠪᠴᠠᠰᠤᠨ ᠲᠡᠭᠡᠷ᠎ᠡ ᠡᠷᠪᠡᠭᠡᠢ᠂ ᠭᠦᠢᠯᠡᠰᠦ ᠵᠡᠷᠭᠡ ᠶᠢ ᠤᠶᠤᠳᠠᠭ ᠦᠭᠡᠢ ᠶᠤᠮ᠃ ᠤᠩᠨᠢᠭᠤᠳ ᠪᠦᠭᠡ ᠶᠢᠨ ᠵᠤᠳᠤᠭ᠂ ᠲᠤᠤᠬᠤ᠂ ᠡᠪᠤᠳᠤᠭ᠍ᠴᠢ ᠨᠢ ᠠᠷᠤ ᠬᠤᠷᠴᠢᠨ᠂ ᠪᠠᠭᠠᠷᠢᠨ ᠤ ᠬᠢ ᠲᠠᠢ ᠠᠳᠠᠯᠢ᠃ ᠡᠪᠤᠳᠤᠭ᠍ᠴᠢ ᠲᠡᠭᠡᠷ᠎ᠡ ᠠᠯᠤᠬᠠᠨ ᠤᠭᠠᠯᠵᠠ᠂ ᠦᠯᠵᠡᠢ ᠵᠠᠩᠭᠢᠶ᠎ᠠ ᠤᠭᠠᠯᠵᠠ᠂ ᠡᠭᠦᠯᠡᠨ ᠤᠭᠠᠯᠵᠠ᠂ ᠭᠠᠯ ᠤᠭᠠᠯᠵᠠ᠂ ᠲᠦᠷᠪᠡᠨ ᠭᠦᠴᠦᠳᠦ ᠠᠮᠢᠳᠠᠨ ᠤ ᠵᠢᠷᠤᠭ ᠵᠡᠷᠭᠡ ᠶᠢ ᠤᠶᠤᠳᠠᠭ᠃      ᠤᠩᠨᠢᠭᠤᠳ ᠮᠤᠩᠭᠤᠯᠴᠤᠳ ᠬᠤᠪᠴᠠᠰᠤ ᠶᠢ ᠠᠮᠢᠲᠠᠢ ᠭᠡᠳᠡᠭ᠃ ᠮᠠᠯᠠᠭᠠᠢ ᠶᠢ ᠡᠵᠡᠨ ᠭᠦᠮᠦᠨ ᠤ ᠲᠤᠯᠤᠭᠠᠢ ᠠᠮᠢ᠂ ᠬᠤᠪᠴᠠᠰᠤ ᠶᠢ ᠪᠡᠶ᠎ᠡ ᠠᠮᠢ᠂ ᠭᠤᠳᠤᠯ ᠱᠠᠬᠠᠢ ᠶᠢ ᠭᠦᠯ ᠠᠮᠢ ᠭᠡᠵᠤ ᠦᠵᠡᠳᠡᠭ᠃ ᠤᠩᠨᠢᠭᠤᠳ ᠮᠤᠩᠭᠤᠯᠴᠤᠳ ᠲᠤ ᠮᠠᠰᠢ ᠤᠯᠠᠨ ᠬᠤᠪᠴᠠᠰᠤ ᠵᠠᠰᠠᠯ ᠳᠤ ᠬᠤᠯᠪᠤᠭᠳᠠᠬᠤ ᠴᠡᠭᠡᠷ ᠶᠤᠰᠤ ᠪᠠᠶᠢᠳᠠᠭ᠃ ᠮᠠᠯᠠᠭᠠᠢ ᠪᠠᠨ ᠬᠠᠵᠠᠭᠠᠢ ᠵᠡᠭᠦᠭᠦ᠂ ᠬᠤᠶᠢᠰᠢ ᠬᠠᠨᠳᠤᠭᠤᠯᠵᠤ ᠵᠠᠭᠦᠭᠦ᠂ ᠤᠷᠪᠠᠭᠤᠯᠵᠤ ᠵᠡᠭᠦᠭᠦ ᠶᠢ ᠴᠡᠭᠡᠷᠯᠡᠨ᠎ᠡ᠃ ᠲᠡᠶᠢᠮᠦ ᠪᠢᠰᠢ ᠪᠤᠯ ᠲᠤᠯᠤᠭᠠᠢ ᠪᠠᠷ ᠢᠶᠠᠨ ᠨᠠᠭᠠᠳᠤᠵᠤ ᠪᠠᠶᠢᠨ᠎ᠠ ᠭᠡᠳᠡᠭ᠃ ᠪᠤᠰᠤᠳ ᠤᠨ ᠮᠠᠯᠠᠭᠠᠢ ᠲᠡᠭᠡᠭᠦᠷ ᠠᠯᠬᠤᠵᠤ ᠭᠠᠷᠬᠤ ᠶᠢ ᠴᠡᠭᠡᠷᠯᠡᠨ᠎ᠡ᠃ ᠪᠤᠰᠤᠳ ᠤᠨ ᠮᠠᠯᠠᠭᠠᠢ ᠲᠡᠭᠡᠭᠦᠷ ᠠᠯᠬᠤᠬᠤ ᠨᠢ ᠪᠤᠰᠤᠳ ᠤᠨ ᠲᠤᠯᠤᠭᠠᠢ ᠲᠡᠭᠡᠭᠦᠷ ᠨᠢ ᠠᠯᠬᠤᠭᠰᠠᠨ ᠶᠠᠪᠤᠳᠠᠯ ᠪᠤᠯᠤᠨ᠎ᠠ᠃ ᠮᠠᠯᠠᠭᠠᠢ ᠪᠠᠨ ᠭᠠᠯ ᠳᠤ ᠡᠭᠡᠭᠡᠭᠦ ᠶᠢ ᠴᠡᠭᠡᠷᠯᠡᠨ᠎ᠡ᠃ ᠮᠠᠯᠠᠭᠠᠢ ᠪᠠᠨ ᠭᠠᠯ ᠳᠤ ᠡᠭᠡᠭᠡᠭᠦ ᠨᠢ ᠲᠤᠯᠤᠭᠠᠢ ᠪᠠᠨ ᠭᠠᠯ ᠳᠤ ᠰᠢᠷᠠᠭᠰᠠᠨ ᠶᠠᠪᠤᠳᠠᠯ ᠪᠤᠯᠤᠨ᠎ᠠ᠃ ᠪᠤᠷᠬᠠᠨ ᠪᠠ ᠦᠭᠦᠭᠰᠡᠨ ᠭᠦᠮᠦᠨ ᠳᠤ ᠮᠠᠯᠠᠭᠠᠢ ᠦᠭᠡᠢ ᠪᠠᠷ ᠮᠦᠷᠭᠦᠳᠡᠭ ᠲᠤᠯᠠ ᠠᠮᠢᠳᠤ ᠭᠦᠮᠦᠨ ᠳᠤ ᠮᠠᠯᠠᠭᠠᠢ ᠦᠭᠡᠢ ᠮᠦᠷᠭᠦᠵᠤ ᠪᠤᠯᠬᠤ ᠦᠭᠡᠢ᠃ ᠪᠤᠰᠤᠳ ᠲᠠᠢ ᠮᠠᠯᠠᠭᠠᠢ ᠪᠠᠨ ᠰᠤᠯᠢᠵᠤ ᠵᠡᠭᠦᠭᠦ ᠶᠢ ᠴᠡᠭᠡᠷᠯᠡᠨ᠎ᠡ᠃ ᠮᠠᠯᠠᠭᠠᠢ ᠪᠠᠨ ᠰᠤᠯᠢᠵᠤ ᠵᠡᠭᠦᠭᠦ ᠨᠢ ᠲᠤᠯᠤᠭᠠᠢ ᠪᠠᠨ ᠰᠤᠯᠢᠭᠰᠠᠨ ᠲᠠᠢ ᠠᠲᠠᠯᠢ ᠭᠡᠳᠡᠭ᠃ ᠮᠠᠯᠠᠭᠠᠢ ᠶᠢ ᠲᠤᠷ᠎ᠠ ᠪᠠᠷ ᠢᠶᠠᠨ ᠭᠠᠵᠠᠷ ᠤᠷᠭᠢᠬᠤ᠂ ᠬᠠᠮᠢᠶ᠎ᠠ ᠦᠭᠡᠢ ᠲᠠᠯᠪᠢᠬᠤ ᠶᠢ ᠴᠡᠭᠡᠷᠯᠡᠨ᠂ ᠭᠡᠭᠡᠭᠰᠡᠨ ᠮᠠᠯᠠᠭᠠᠢ ᠶᠢ ᠤᠯᠵᠤ ᠠᠪᠬᠤ ᠶᠢ ᠴᠡᠭᠡᠷᠯᠡᠨ᠎ᠡ᠃ ᠭᠦᠮᠦᠨ ᠤ ᠮᠠᠯᠠᠭᠠᠢ ᠶᠢ ᠠᠪᠬᠤ ᠶᠢ ᠴᠡᠭᠡᠷᠯᠡᠨ᠎ᠡ ᠃ ᠡᠳᠡᠭᠡᠷ ᠨᠢ ᠪᠦᠷ ᠮᠠᠯᠠᠭᠠᠢ ᠶᠢ ᠲᠤᠯᠤᠭᠠᠢ ᠠᠮᠢ ᠭᠡᠵᠤ ᠦᠵᠡᠳᠡᠭ ᠠᠴᠠ ᠪᠤᠯᠵᠠᠢ᠃ ᠳᠠᠪᠬᠤᠷ ᠮᠠᠯᠠᠭᠠᠢ ᠵᠡᠭᠦᠪᠡᠯ ᠡᠭᠡᠨᠠᠷ ᠦᠭᠦᠵᠤ ᠦᠭᠡᠷ᠎ᠡ ᠡᠮ᠎ᠡ ᠠᠪᠬᠤ ᠶᠢᠨ ᠲᠡᠮᠳᠡᠭ ᠭᠡᠵᠤ ᠦᠵᠡᠳᠡᠭ ᠪᠤᠯᠬᠤᠷ ᠳᠠᠪᠬᠤᠷ ᠮᠠᠯᠠᠭᠠᠢ ᠵᠡᠭᠦᠭᠦ ᠶᠢ ᠴᠡᠭᠡᠷᠯᠡᠳᠡᠭ᠃         ᠬᠤᠪᠴᠠᠰᠤᠨ ᠤ ᠵᠠᠭᠠᠮ᠎ᠠ ᠪᠤᠯ ᠬᠤᠪᠴᠠᠰᠤᠨ ᠤ ᠲᠦᠷᠦᠭᠦᠦ ᠭᠡᠵᠤ ᠦᠵᠡᠳᠡᠭ ᠲᠤᠯᠠ ᠬᠤᠪᠴᠠᠰᠤᠨ ᠤ ᠵᠠᠭᠠᠮ᠎ᠠ ᠶᠢ ᠪᠤᠰᠬᠠᠵᠤ ᠲᠠᠯᠪᠢᠬᠤ᠂ ᠡᠭᠦᠳᠡ ᠦᠭᠡᠳᠡ ᠬᠠᠨᠳᠤᠭᠤᠯᠵᠤ ᠲᠠᠯᠪᠢᠬᠤ ᠪᠠ ᠬᠤᠪᠴᠠᠰᠤ ᠪᠠᠨ ᠪᠤᠷᠤᠭᠤ ᠬᠠᠨᠳᠤᠭᠤᠯᠵᠤ ᠡᠮᠦᠰᠭᠦ ᠶᠢ ᠴᠡᠭᠡᠷᠯᠡᠨ᠎ᠡ᠃᠃ ᠬᠤᠪᠴᠠᠰᠤ ᠪᠠᠨ ᠲᠤᠪᠴᠢᠯᠠᠬᠤ ᠦᠭᠡᠢ ᠡᠩᠭᠡᠷ ᠢᠶᠠᠨ ᠰᠤᠯᠠ ᠵᠠᠳᠠᠭᠠᠢ ᠲᠠᠯᠪᠢᠵᠤ ᠶᠠᠪᠤᠬᠤ ᠶᠢ ᠴᠡᠭᠡᠷᠯᠡᠨ᠎ᠡ᠃ ᠬᠤᠪᠴᠠᠰᠤᠨ ᠤ ᠲᠤᠪᠴᠢ᠂ ᠰᠢᠯᠪᠢ᠂ ᠡᠩᠭᠡᠷ᠂ ᠬᠠᠨᠴᠤᠢ ᠶᠢ ᠬᠠᠵᠢᠯᠠᠬᠤ ᠶᠢ ᠴᠡᠭᠡᠷᠯᠡᠨ᠎ᠡ᠃ ᠬᠤᠪᠴᠠᠰᠤᠨ ᠤ ᠬᠠᠨᠴᠤᠢ ᠪᠠᠷ ᠨᠢᠰᠤ ᠪᠠᠨ ᠵᠦᠯᠭᠦᠭᠦ ᠶᠢ ᠴᠡᠭᠡᠷᠯᠡᠨ᠎ᠡ᠃ ᠡᠳᠡᠭᠡᠷ ᠨᠢ ᠬᠤᠪᠴᠠᠰᠤ ᠪᠤᠯ ᠪᠡᠶ᠎ᠡ ᠠᠮᠢ ᠭᠡᠵᠤ ᠦᠵᠡᠳᠡᠭ ᠲᠠᠢ ᠬᠤᠯᠪᠤᠭᠳᠠᠯ ᠲᠠᠢ ᠶᠤᠮ᠃ ᠮᠦᠨ ᠴᠤ ᠡᠭᠦᠨ ᠢᠶᠠᠷ ᠲᠠᠮᠵᠢᠨ ᠪᠤᠯᠪᠠᠰᠤᠨ ᠠᠷᠢᠭᠤᠨ ᠴᠢᠪᠡᠷ ᠤᠨ ᠭᠦᠮᠦᠵᠢᠯ ᠭᠢᠳᠡᠭ᠃ ᠬᠤᠪᠴᠠᠰᠤᠨ ᠤ ᠲᠤᠪᠴᠢ ᠶᠢ ᠲᠤᠪᠴᠢᠯᠠᠵᠤ ᠬᠤᠷᠢᠶᠠᠵᠤ ᠲᠠᠯᠪᠢᠵᠤ ᠪᠤᠯᠬᠤ ᠦᠭᠡᠢ ᠃ ᠠᠮᠢ ᠪᠠᠨ ᠲᠤᠪᠴᠢᠯᠠᠭᠰᠠᠨ ᠠᠲᠠᠯᠢ ᠭᠡᠵᠤ ᠦᠵᠡᠳᠡᠭ᠃ ᠲᠡᠪᠡᠯ ᠤᠨ ᠵᠠᠬ᠎ᠠ ᠲᠡᠭᠡᠷ᠎ᠡ ᠭᠢᠰᠭᠢᠭᠦ᠂ ᠲᠡᠪᠡᠯ ᠤᠨ ᠵᠠᠬ᠎ᠠ ᠶᠢ ᠤᠷᠤᠭᠤ ᠬᠠᠨᠳᠤᠭᠤᠯᠵᠤ ᠲᠠᠯᠪᠢᠬᠤ ᠶᠢ ᠴᠡᠭᠡᠷᠯᠡᠨ᠎ᠡ᠃ ᠡᠨᠡ ᠨᠢ ᠪᠡᠶ᠎ᠡ ᠲᠡᠭᠡᠷ᠎ᠡ ᠨᠢ ᠭᠢᠰᠭᠢᠨ ᠲᠤᠯᠤᠭᠠᠢ ᠶᠢ ᠨᠢ ᠲᠤᠷᠤᠭᠰᠢ ᠬᠠᠨᠳᠤᠭᠤᠯᠬᠤ ᠠᠴᠠ ᠰᠡᠷᠭᠡᠶᠢᠯᠡᠭᠰᠡᠨ ᠤᠴᠠᠷ ᠪᠤᠯᠤᠨ᠎ᠠ᠃      ᠡᠷᠡᠭᠲᠠᠶᠢᠴᠤᠳ ᠡᠮᠡᠭᠲᠠᠢ ᠭᠦᠮᠦᠨ ᠤ ᠬᠤᠪᠴᠠᠰᠤᠨ ᠲᠤᠭᠤᠤᠷ ᠰᠢᠷᠭᠤᠵᠤ ᠭᠠᠷᠬᠤ ᠶᠢ ᠴᠡᠭᠡᠷᠯᠡᠨ᠎ᠡ᠃ ᠬᠤᠪᠴᠠᠰᠤᠨ ᠳᠤᠭᠤᠤᠷ ᠰᠢᠷᠭᠤᠬᠤ ᠨᠢ ᠡᠵᠡᠨ ᠤ ᠬᠢᠨ ᠳᠤᠭᠤᠤᠷ ᠰᠢᠭᠤᠵᠤ ᠪᠠᠶᠢᠨ᠎ᠠ ᠭᠡᠵᠤ ᠦᠵᠡᠳᠡᠭ᠃ ᠨᠢᠭᠡ ᠭᠦᠮᠦᠨ ᠤ ᠨᠠᠰᠤᠨ ᠳᠤᠷᠰᠢ ᠡᠮᠦᠰᠭᠦ ᠬᠤᠪᠴᠠᠰᠤ ᠪᠤᠯ ᠲᠤᠭ᠎ᠠ ᠲᠠᠢ ᠭᠡᠵᠤ ᠦᠵᠡᠳᠡᠭ ᠲᠤᠯᠠ ᠲᠤᠭ᠎ᠠ ᠲᠠᠢ ᠬᠤᠪᠴᠠᠰᠤ ᠪᠠᠨ ᠡᠮᠦᠰᠴᠦ ᠪᠠᠷᠠᠬᠤ ᠠᠴᠠ ᠭᠢᠴᠢᠶᠡᠨ ᠪᠤᠰᠤᠳ ᠤᠨ ᠭᠢᠭᠰᠡᠨ ᠰᠢᠨ᠎ᠡ ᠬᠤᠪᠴᠠᠰᠤ ᠶᠢ ᠡᠵᠡᠨ ᠠᠴᠠ ᠨᠢ ᠤᠷᠢᠳᠠᠪᠡᠷ ᠡᠮᠦᠰᠭᠦ ᠶᠢ ᠴᠡᠭᠡᠷᠯᠡᠨ᠎ᠡ᠃ ᠡᠷᠡᠭᠲᠠᠢ ᠭᠦᠮᠦᠨ ᠪᠦᠰᠡ ᠪᠦᠰᠡᠯᠡᠭᠦ ᠦᠭᠡᠢ ᠵᠠᠳᠠᠭᠠᠢ ᠶᠠᠪᠤᠬᠤ᠂ ᠪᠦᠰᠡ ᠪᠠᠨ ᠴᠢᠷᠴᠦ ᠶᠠᠪᠤᠬᠤ᠂ ᠪᠤᠰᠤᠳ ᠤᠨ ᠭᠡᠷ ᠲᠤ ᠤᠷᠤᠭᠠᠳ ᠪᠦᠰᠡ ᠪᠠᠨ ᠠᠯᠳᠠᠷᠭᠠᠬᠤ ᠶᠢ ᠴᠡᠭᠡᠷᠯᠡᠨ᠎ᠡ᠃ ᠪᠦᠰᠡ ᠪᠠᠨ ᠲᠠᠶᠢᠯᠠᠪᠠᠯ ᠭᠤᠷᠪᠠ ᠨᠤᠭᠤᠯᠠᠵᠤ᠂ ᠲᠡᠷ᠎ᠡ ᠲᠤᠤᠷ᠎ᠠ ᠪᠠᠨ ᠲᠠᠯᠪᠢᠬᠤ ᠪᠤᠶᠤ ᠸᠴᠠᠷ ᠵᠠᠩᠭᠢᠶ᠎ᠠ ᠵᠠᠩᠭᠢᠳᠴᠤ ᠲᠠᠯᠪᠢᠨ᠎ᠠ᠃ ᠡᠨᠡ ᠨᠢ ᠪᠦᠰᠡ ᠶᠢ ᠡᠷ᠎ᠡ ᠭᠦᠮᠦᠨ ᠤ ᠪᠡᠯᠭᠡ ᠲᠡᠮᠳᠡᠭ ᠭᠡᠵᠤ ᠦᠵᠡᠭᠰᠡᠨ ᠲᠠᠢ ᠬᠤᠯᠪᠤᠭ᠎ᠠ ᠲᠠᠢ ᠶᠤᠮ᠃ ᠭᠤᠳᠤᠯ ᠤᠨ ᠬᠤᠩᠰᠢᠷᠠᠷᠢ ᠶᠢ ᠡᠵᠡᠨ ᠤ ᠬᠢᠨ ᠬᠠᠮᠠᠷ ᠭᠡᠵᠤ ᠦᠵᠡᠳᠡᠭ ᠲᠤᠯᠠ ᠪᠤᠰᠤᠳ ᠤᠨ ᠭᠤᠳᠤᠯ ᠤᠨ ᠮᠡᠷᠭᠡᠨ ᠬᠤᠩᠰᠢᠶᠠᠷᠢ ᠢ ᠲᠤᠭᠰᠢᠬᠤ ᠶᠢ ᠴᠡᠭᠡᠷᠯᠡᠨ᠎ᠡ᠃ ᠲᠡᠷ᠎ᠡ ᠪᠤᠯ ᠭᠦᠮᠦᠨ ᠤ ᠲᠤᠯᠤᠭᠠᠢ ᠲᠠᠯᠪᠢᠵᠤ ᠲᠡᠷᠡᠯᠡᠭᠦ ᠶᠠᠭᠤᠮ᠎ᠠ ᠲᠤᠯᠠ ᠲᠡᠷ᠎ᠡ ᠲᠡᠭᠡᠷ᠎ᠡ ᠰᠠᠭᠤᠬᠤ ᠶᠢ ᠴᠡᠭᠡᠷᠯᠡᠨ᠎ᠡ᠃ ᠯᠤᠤ ᠭᠠᠷᠤᠳᠢ ᠪᠤᠯ ᠬᠠᠭᠠᠨ ᠡᠵᠡᠨ ᠬᠠᠳᠤᠨ ᠡᠭᠡ ᠶᠢ ᠲᠦᠯᠦᠭᠡᠯᠡᠳᠡᠭ ᠲᠤᠯᠠ ᠯᠤᠤ ᠭᠠᠷᠤᠳᠢ ᠶᠢ ᠡᠭᠡᠯ ᠭᠦᠮᠦᠨ ᠤ ᠬᠤᠪᠴᠠᠰᠤᠨ ᠳᠡᠭᠡᠷ᠎ᠡ ᠤᠶᠤᠬᠤ ᠪᠠ ᠬᠠᠭᠠᠨ ᠠᠴᠠ ᠪᠤᠰᠤᠳ ᠭᠦᠮᠦᠨ ᠤ ᠬᠤᠪᠴᠠᠰᠤᠨ ᠲᠡᠭᠡᠷ᠎ᠡ ᠲᠠᠪᠤᠨ ᠭᠢᠮᠤᠰᠤ ᠲᠠᠢ ᠤᠶᠤᠬᠤ ᠶᠢ ᠴᠡᠭᠡᠷᠯᠡᠨ᠎ᠡ᠃ ᠦᠭᠦᠭᠰᠡᠨ ᠭᠦᠮᠦᠨ ᠳᠤ ᠰᠢᠯᠪᠢ ᠲᠤᠪᠴᠢ ᠦᠭᠡᠢ ᠬᠤᠪᠴᠠᠰᠤ ᠡᠮᠦᠰᠭᠡᠳᠡᠭ ᠪᠤᠯᠬᠤᠷ ᠰᠢᠯᠪᠢ ᠲᠤᠪᠴᠢ ᠦᠭᠡᠢ ᠬᠤᠪᠴᠠᠰᠤ ᠶᠢ ᠡᠮᠦᠰᠭᠦ ᠶᠢ ᠴᠡᠭᠡᠷᠯᠡᠨ᠎ᠡ᠃ ᠬᠠᠭᠤᠴᠠᠷᠠᠭᠰᠠᠨ ᠬᠤᠪᠴᠠᠰᠤ ᠲᠡᠪᠡᠯ ᠢ ᠬᠠᠶᠠᠬᠤ ᠳᠠᠭᠠᠨ ᠵᠠᠭᠠᠮ᠎ᠠ ᠶᠢ ᠨᠢ ᠠᠪᠴᠤ᠂ ᠬᠠᠭᠤᠴᠢᠨ ᠱᠠᠬᠠᠢ ᠭᠤᠳᠤᠯ ᠢ ᠤᠯᠠ ᠶᠢ ᠨᠢ ᠰᠠᠯᠭᠠᠵᠤ᠂ ᠭᠦᠮᠦᠨ ᠤ ᠵᠠᠮ ᠮᠦᠷ ᠠᠴᠠ ᠵᠠᠶᠢᠲᠠᠢ ᠨᠢᠳᠦᠨ ᠳᠠᠯᠳᠠ ᠬᠠᠶᠠᠨ᠎ᠠ᠃     ᠬᠠᠭᠤᠴᠢᠨ ᠮᠠᠯᠠᠭᠠᠢ᠂ ᠬᠤᠪᠴᠠᠰᠤᠨ ᠵᠠᠭᠠᠮ᠎ᠠ ᠶᠢ ᠰᠢᠳᠠᠭᠠᠵᠤ ᠬᠠᠶᠠᠨ᠎ᠠ᠃ ᠭᠤᠳᠤᠯ ᠱᠠᠬᠠᠢ ᠶᠢᠨ ᠤᠯᠠ ᠶᠢ ᠬᠠᠪᠰᠤᠷᠴᠤ ᠲᠠᠯᠪᠢᠬᠤ ᠶᠢ ᠴᠡᠭᠡᠷᠯᠡᠨ᠎ᠡ᠃ ᠭᠤᠳᠤᠯ ᠤᠨ ᠲᠦᠷᠡᠢ ᠶᠢ ᠡᠷᠭᠢᠭᠦᠯᠵᠤ ᠡᠮᠦᠰᠭᠦ ᠶᠢ ᠴᠡᠭᠡᠷᠯᠡᠨ᠎ᠡ᠃ ᠡᠨᠡ ᠨᠢ ᠮᠦᠨ ᠠᠮᠢᠲᠠᠢ ᠭᠡᠵᠤ ᠦᠵᠡᠳᠡᠭ ᠠᠴᠠ ᠪᠤᠯᠵᠠᠢ᠃ ᠭᠤᠳᠤᠯ ᠱᠠᠬᠠᠢ ᠶᠢ ᠵᠤᠤᠬᠠᠨ ᠳᠤ ᠭᠢᠵᠤ ᠬᠠᠳᠠᠭᠠᠬᠤ ᠶᠢ ᠴᠡᠭᠡᠷᠯᠡᠨ᠎ᠡ᠃ ᠡᠨᠡ ᠨᠢ ᠵᠤᠤᠬ᠎ᠠ ᠶᠢ ᠭᠠᠯ ᠭᠤᠯᠤᠮᠳᠠ ᠭᠡᠵᠤ ᠦᠵᠡᠨ᠂ ᠭᠠᠯ ᠭᠤᠯᠤᠮᠳᠠ ᠶᠢ ᠪᠤᠵᠢᠷᠯᠠᠬᠤ ᠠᠴᠠ ᠰᠡᠷᠭᠡᠶᠢᠯᠡᠭᠰᠡᠨ ᠶᠠᠪᠤᠳᠠᠯ ᠪᠤᠯᠬᠤ ᠪᠠᠷ ᠦᠯᠦ ᠪᠠᠷᠠᠨ ᠭᠤᠳᠤᠯ ᠱᠠᠬᠠᠢ ᠶᠢ ᠰᠢᠳᠠᠬᠤ ᠠᠴᠠ ᠰᠡᠷᠭᠡᠶᠢᠯᠡᠭᠰᠡᠨ ᠤᠴᠠᠷ ᠴᠤ ᠪᠤᠯᠬᠤ ᠶᠤᠮ᠃ ᠲᠠᠪᠤ᠂ ᠤᠩᠨᠢᠭᠤᠳ ᠬᠤᠪᠴᠠᠰᠤ ᠵᠠᠰᠠᠯ ᠢ ᠤᠯᠠᠮᠵᠢᠯᠠᠨ ᠵᠠᠯᠭᠠᠮᠵᠢᠯᠠᠵᠤ ᠪᠠᠶᠢᠭ᠎ᠠ ᠪᠠᠶᠢᠳᠠᠯ ᠤᠩᠨᠢᠭᠤᠳ ᠬᠤᠰᠢᠭᠤ ᠳᠤ 47 ᠲᠦᠮᠡᠨ ᠭᠦᠮᠦᠨ ᠠᠮᠠ ᠲᠠᠢ ᠪᠤᠯᠪᠠᠴᠤ ᠮᠤᠩᠭᠤᠯ ᠦᠨᠳᠦᠰᠦᠳᠡᠨ ᠤ ᠭᠦᠮᠦᠨ ᠠᠮᠠ 6 ᠲᠦᠮᠡ ᠢᠯᠡᠭᠦᠦ ᠪᠠᠶᠢᠳᠠᠭ᠃ ᠡᠭᠦᠨ ᠤ ᠲᠤᠳᠤᠷ᠎ᠠ 3 ᠲᠦᠮᠡ ᠢᠯᠡᠭᠦᠦ ᠨᠢ ᠴᠢᠪᠡᠷ ᠮᠤᠩᠭᠤᠯ ᠶᠤᠮ᠃      ᠮᠤᠩᠭᠤᠯ ᠦᠭᠡ ᠭᠡᠯᠡ᠂ ᠦᠰᠦᠭ ᠪᠢᠴᠢᠭ᠂ ᠵᠠᠩ ᠵᠠᠩᠰᠢᠯ ᠢᠶᠠᠨ ᠬᠠᠳᠠᠭᠠᠯᠠᠵᠤ᠂ ᠮᠤᠩᠭᠤᠯ ᠬᠤᠪᠴᠠᠰᠤ ᠵᠠᠰᠠᠯ ᠢᠶᠠᠨ ᠡᠮᠦᠰᠴᠦ ᠵᠠᠭᠦᠵᠤ ᠪᠠᠶᠢᠭ᠎ᠠ ᠨᠢ 3 ᠲᠦᠮᠡ ᠰᠢᠬᠠᠮ ᠭᠦᠮᠦᠨ ᠠᠮᠠ᠂ 7 ᠮᠢᠩᠭ᠎ᠠ ᠰᠢᠬᠠᠮ ᠡᠷᠦᠭᠡ ᠪᠠᠶᠢᠳᠠᠭ᠃ ᠡᠨᠡᠭᠦ 3 ᠲᠦᠮᠡ ᠰᠢᠬᠠᠮ ᠮᠤᠩᠭᠤᠯᠴᠤᠳ ᠨᠢ ᠵᠢᠯ ᠴᠠᠭᠠᠨ ᠰᠠᠷ᠎ᠠ᠂ ᠬᠤᠷᠢᠮ ᠨᠠᠶᠢᠷ ᠪᠤᠯᠪᠠᠯ ᠪᠦᠷ ᠮᠤᠩᠭᠤᠯ ᠬᠤᠪᠴᠠᠰᠤ ᠵᠠᠰᠠᠯ ᠢᠶᠠᠨ ᠠᠪᠴᠤ ᠡᠮᠦᠰᠴᠤ ᠵᠡᠭᠦᠳᠡᠭ᠃ ᠡᠩ ᠤᠨ ᠴᠠᠭ᠂ ᠠᠵᠢᠯ ᠭᠦᠳᠡᠯᠮᠦᠷᠢ ᠳᠤ ᠤᠷᠤᠯᠴᠠᠬᠤ ᠦᠶ᠎ᠡ ᠳᠤ ᠪᠠᠨ ᠤᠯᠠᠩᠭᠢ ᠨᠢ ᠤᠭᠳᠤᠷ ᠡᠸᠦᠡᠷᠤᠫᠠ ᠬᠤᠪᠴᠠᠰᠤ ᠡᠮᠦᠰᠳᠡᠭ ᠪᠤᠯᠪᠠᠴᠤ ᠮᠤᠷᠢ ᠤᠨᠤᠭ᠎ᠠ ᠪᠠᠷ ᠶᠠᠪᠤᠪᠠᠯ ᠪᠦᠷ ᠭᠤᠳᠤᠯ ᠡᠮᠦᠰᠳᠡᠭ ᠶᠤᠮ᠃ ᠴᠢᠯᠦᠭᠡᠯᠡᠭᠳᠡᠭᠰᠡᠨ ᠠᠴᠠ ᠰᠡᠭᠦᠯᠡᠷ᠂ ᠲᠠᠷᠢᠶᠠᠯᠠᠬᠤ ᠰᠤᠶᠤᠯ ᠪᠤᠯᠤᠨ ᠠᠵᠤ ᠦᠢᠯᠡᠳᠪᠦᠷᠢᠯᠡᠯ ᠤᠨ ᠰᠤᠶᠤᠯ ᠤᠨ ᠨᠠᠪᠴᠢᠯᠳᠡ ᠪᠠ ᠠᠷᠠᠳ ᠤᠨ ᠠᠮᠢᠳᠤᠷᠠᠯ ᠤᠨ ᠰᠠᠭᠤᠷᠢᠰᠢᠯᠳᠠ᠂ ᠬᠤᠳᠠᠴᠢᠯᠠᠯᠳᠠ ᠶᠢᠨ ᠨᠦᠯᠦᠭᠡᠯᠡᠯ ᠵᠡᠷᠭᠡ ᠠᠴᠠ ᠪᠤᠯᠵᠤ᠂ ᠤᠩᠨᠢᠭᠤᠳ ᠮᠤᠩᠭᠤᠯᠴᠤᠳ ᠤᠨ ᠦᠨᠳᠦᠰᠦᠳᠡᠨ ᠤ ᠤᠯᠠᠮᠵᠢᠯᠠᠯᠳᠤ ᠬᠤᠪᠴᠠᠰᠤ ᠵᠠᠰᠠᠯ ᠳᠤ ᠶᠡᠭᠡᠭᠡᠨ ᠬᠤᠪᠢᠷᠠᠯᠳᠠ ᠭᠠᠷᠴᠠᠢ᠃ ᠢᠯᠠᠩᠭᠤᠶ᠎ᠠ ᠵᠠᠯᠠᠭᠤᠴᠤᠳ ᠬᠤᠳᠠ ᠶᠢᠨ ᠮᠠᠶ᠋ᠢᠭ ᠤᠨ ᠰᠢᠨ᠎ᠡ ᠬᠤᠪᠴᠠᠰᠤ ᠵᠠᠰᠠᠯ ᠢ ᠪᠠᠭ᠋ᠠᠷᠤᠨ᠂ ᠮᠤᠩᠭᠤᠯ ᠬᠤᠪᠴᠠᠰᠤ ᠵᠠᠰᠠᠯ ᠢ ᠡᠮᠦᠰᠴᠦ ᠡᠳ᠋ᠯᠡᠭᠦ ᠴᠦᠭᠡᠷᠡᠵᠠᠢ ᠃ ᠵᠢᠯ ᠴᠠᠭᠠᠨ ᠰᠠᠷ᠎ᠠ᠂ ᠤᠷᠤᠭ ᠬᠤᠷᠢᠮ᠂ ᠨᠠᠭᠠᠳᠤᠮ ᠤᠨ ᠬᠤᠷᠠᠯ ᠤᠨ ᠦᠶ᠎ᠡ ᠪᠤᠯᠪᠠᠯ ᠭᠦᠮᠦᠰ ᠲᠦᠷᠪᠡᠨ ᠴᠠᠭ ᠤᠨ ᠮᠤᠩᠭᠤᠯ ᠬᠤᠪᠴᠠᠰᠤ ᠭᠢᠵᠤ ᠠᠪᠳᠠᠭ ᠪᠤᠯᠪᠠᠴᠤ᠂ ᠡᠩ ᠤᠨ ᠴᠠᠭ ᠲᠤ ᠪᠠᠨ ᠠᠪᠳᠠᠷᠯᠠᠵᠤ᠂ ᠪᠠᠶᠠᠷ ᠲᠤᠷᠠᠰᠬᠠᠯ ᠤᠨ ᠡᠳᠦᠷ ᠪᠤᠯᠤᠭᠰᠠᠭᠠᠷ ᠭᠠᠷᠭᠠᠨ ᠠᠪᠴᠤ ᠡᠮᠦᠰᠭᠦ ᠪᠤᠯᠪᠠ᠃ ᠤᠶᠢᠷ᠎ᠠ ᠶᠢᠨ ᠠᠷᠪᠠᠨ ᠵᠢᠯ ᠳᠤ ᠵᠤᠭᠠᠴᠠᠯ ᠤᠨ ᠦᠢᠯᠡᠰ ᠤᠨ ᠭᠦᠭᠵᠢᠯᠳᠡ ᠶᠢ ᠳᠠᠭᠠᠯᠳᠤᠨ ᠮᠤᠩᠭᠤᠯ ᠬᠤᠪᠴᠠᠰᠤ ᠡᠮᠦᠰᠭᠦ ᠰᠢᠨ᠎ᠡ ᠦᠷᠨᠢᠯᠳᠡ ᠪᠤᠢ ᠪᠤᠯᠵᠤ ᠢᠷᠡᠪᠡ᠃      ᠢᠯᠠᠩᠭᠤᠶ᠎ᠠ 2004 ᠤᠨ ᠳᠤ ᠤᠯᠤᠰ ᠠᠴᠠ ᠮᠤᠩᠭᠤᠯ ᠬᠤᠪᠴᠠᠰᠤ ᠶᠢ ᠤᠯᠤᠰ ᠤᠨ ᠪᠣᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠬᠤ ᠲᠦᠷᠦᠯ ᠵᠦᠢᠯ ᠤᠨ ᠨᠢᠭᠡ ᠪᠠᠷ ᠲᠤᠭᠳᠠᠭᠠᠭᠰᠠᠨ ᠠᠴᠠ ᠮᠤᠩᠭᠤᠯ ᠬᠤᠪᠴᠠᠰᠤ ᠵᠠᠰᠠᠯ ᠢ ᠪᠠᠭ᠋ᠠᠷᠤᠨ ᠡᠮᠦᠰᠭᠦ ᠦᠷᠨᠢᠯᠳᠡ ᠪᠤᠢ ᠪᠤᠯᠤᠭᠰᠠᠨ ᠪᠠᠶᠢᠨ᠎ᠠ᠃ ᠦᠨᠦ ᠪᠦᠭᠦ ᠬᠤᠰᠢᠭᠤ ᠶᠢᠨ ᠴᠤᠯ ᠮᠤᠩᠭᠤᠯ ᠪᠦᠰᠡᠭᠦ᠋ᠢᠴᠤᠳ ᠤᠨ ᠤᠯᠠᠩᠭᠢ ᠨᠢ ᠮᠤᠩᠭᠤᠯ ᠬᠤᠪᠴᠠᠰᠤ ᠤᠶᠤᠬᠤ ᠮᠡᠷᠭᠡᠵᠢᠯ ᠢᠶᠠᠨ ᠲᠠᠭᠢᠨ ᠰᠡᠷᠭᠦᠭᠡᠵᠤ ᠡᠭᠢᠯᠡᠪᠡ᠃ ᠪᠦᠭᠦ ᠬᠤᠰᠢᠭᠤᠨ ᠳᠤ ᠮᠤᠩᠭᠤᠯ ᠬᠤᠪᠴᠠᠰᠤ ᠤᠶᠤᠵᠤ ᠪᠤᠷᠤᠯᠠᠭᠤᠯᠵᠤ ᠪᠠᠶᠢᠬᠤ ᠬᠤᠪᠢ ᠶᠢᠨ ᠡᠵᠢᠩᠨᠡᠯᠳᠡ ᠶᠢᠨ ᠡᠷᠤᠭᠡ ᠠᠷᠪᠠᠨ ᠬᠤᠶᠠᠷ ᠪᠠᠶᠢᠨ᠎ᠠ᠃ ᠡᠭᠦᠨ ᠤ ᠲᠤᠳᠤᠷ᠎ᠠ ᠲᠠᠪᠤᠨ ᠡᠷᠤᠭᠡ ᠨᠢ ᠬᠤᠰᠢᠭᠤᠨ ᠲᠦᠪ ᠪᠤᠷᠤᠬᠤᠳᠠ ᠪᠠᠯᠭᠠᠰᠤ ᠲᠤ ᠭᠡᠷ ᠲᠦᠷᠢᠶᠡᠰᠦᠯᠡᠨ ᠮᠤᠩᠭᠤᠯ ᠬᠤᠪᠴᠠᠰᠤ ᠤᠶᠤᠵᠤ᠂ ᠮᠤᠩᠭᠤᠯ ᠬᠤᠪᠴᠠᠰᠤ ᠵᠠᠰᠠᠯ ᠤᠨ ᠲᠡᠯᠭᠡᠭᠦᠷ ᠡᠷᠭᠢᠯᠡᠵᠤ ᠪᠠᠶᠢᠨ᠎ᠠ᠃ ᠤᠩᠨᠢᠭᠤᠳ ᠮᠤᠩᠭᠤᠯ ᠬᠤᠪᠴᠠᠰᠤ ᠵᠠᠰᠠᠯ ᠤᠨ ᠤᠷᠠᠴᠤᠤᠯ ᠤᠨ ᠤᠶᠤᠵᠤ ᠪᠦᠳᠦᠭᠡᠭᠰᠡᠨ ᠪᠦᠳᠦᠭᠡᠯ ᠨᠢ ᠤᠷᠤᠨ ᠪᠤᠯᠤᠨ ᠤᠯᠤᠰ ᠤᠨ ᠲᠡᠰ ᠤᠨ ᠤᠷᠤᠯᠳᠤᠭᠠᠨ ᠮᠦᠷᠦ᠋ᠢᠴᠡᠭᠡᠨ ᠳᠤ ᠤᠷᠤᠯᠴᠠᠭᠠᠳ᠂ ᠦᠵᠡᠭᠴᠢᠳ ᠤᠨ ᠪᠠᠭ᠋ᠠᠷᠤᠯ ᠢ ᠳᠠᠳᠠᠵᠤ᠃ ᠭᠢᠨᠠᠭᠴᠢ ᠶᠢᠨ ᠰᠠᠶᠢᠨ ᠦᠨᠡᠯᠡᠯ ᠢ ᠤᠯᠤᠭᠰᠠᠭᠠᠷ ᠢᠷᠡᠪᠡ᠃      2009 ᠤᠨ ᠤ 7 ᠰᠠᠷ᠎ᠠ ᠳᠤ ᠲᠤᠰ ᠬᠤᠰᠢᠭᠤᠨ ᠤ ᠬᠠᠶᠢᠯᠠᠰᠤ ᠪᠠᠯᠭᠠᠰᠤ ᠶᠢᠨ ︽ᠮᠤᠩᠭᠤᠯᠵᠢᠨ ᠭᠤᠸ᠎ᠠ ᠬᠠᠮᠳᠤᠯᠢᠭ︾᠎ ᠤᠨ ᠤᠶᠤᠭᠰᠠᠨ ᠮᠤᠩᠭᠤᠯ ᠬᠤᠪᠴᠠᠰᠤ ᠨᠢ ︽ᠪᠦᠷᠢᠶ᠎ᠡ ᠮᠠᠩᠬ᠎ᠠ ᠨᠠᠷᠡᠮᠵᠢᠳᠤ ᠤᠯᠠᠨ ᠤᠯᠤᠰ ᠤᠨ ᠮᠤᠩᠭᠤᠯ ᠬᠤᠪᠴᠠᠰᠤᠨ ᠤ ᠵᠢᠷᠭᠤᠳᠤᠭᠠᠷ ᠬᠤᠭᠤᠴᠠᠭᠠᠨ ᠤ ᠨᠠᠭᠠᠳᠤᠮ︾ ᠳᠡᠭᠡᠷ᠎ᠡ ᠤᠯᠠᠮᠵᠢᠯᠠᠯᠳᠤ ᠮᠤᠩᠭᠤᠯ ᠬᠤᠪᠴᠠᠰᠤᠨ ᠤ ᠲᠦᠷᠦᠯ ᠤ ᠭᠤᠷᠪᠠᠳᠤᠭᠠᠷ ᠳᠡᠰ ᠤᠨ ᠱᠠᠩᠨᠠᠯ ᠢ ᠲᠤᠰᠴᠠᠢ᠃ ᠤᠳᠤ ᠤᠩᠨᠢᠭᠤᠳ ᠬᠤᠰᠢᠭᠤᠨ ᠳᠤ 30 ᠭᠠᠷᠤᠢ ᠵᠠᠯᠠᠭᠤ ᠢᠳᠡᠷ ᠤᠷᠠᠨ ᠤᠶᠤᠳᠠᠯᠴᠢᠨ ᠴᠤᠯᠭᠤᠷᠠᠨ ᠭᠠᠷᠴᠤ ᠢᠷᠡᠭᠰᠡᠨ ᠪᠠᠶᠢᠨ᠎ᠠ᠃ ᠤᠳᠤᠬᠠᠨ ᠳᠤ ᠤᠩᠨᠢᠭᠤᠳ ᠬᠤᠰᠢᠭᠤᠨ ᠤ ᠮᠤᠩᠭᠤᠯ ᠬᠤᠪᠴᠠᠰᠤ ᠵᠠᠰᠠᠯ ᠨᠢ ᠤᠯᠠᠮᠵᠢᠯᠠᠯᠳᠤ ᠮᠤᠩᠭᠤᠯ ᠬᠤᠪᠴᠠᠰᠤ ᠵᠠᠰᠠᠯ᠂ ᠰᠢᠨ᠎ᠡ ᠴᠠᠭ ᠤᠨ ᠮᠤᠩᠭᠤᠯ ᠬᠤᠪᠴᠠᠰᠤ ᠵᠠᠰᠠᠯ᠂ ᠪᠦᠵᠢᠭ ᠤᠨ ᠮᠤᠩᠭᠤᠯ ᠬᠤᠪᠴᠠᠰᠤ ᠵᠠᠰᠠᠯ ᠭᠡᠭᠦ ᠭᠡᠳᠤᠨ ᠤᠷᠤᠰᠬᠠᠯ ᠢᠶᠠᠷ ᠡᠭᠢᠯᠡᠨ ᠭᠦᠭᠵᠢᠵᠤ᠂ ᠵᠠᠬ᠎ᠠ ᠲᠡᠯᠭᠡᠭᠦᠷ ᠲᠤ ᠭᠠᠷᠴᠤ ᠪᠠᠶᠢᠨ᠎ᠠ᠃
 
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号