ᠵᠢᠶᠠᠩ ᠢᠳᠡᠪᠡᠯ ᠰᠠ ᠳᠠᠭᠠᠷᠢᠬᠤ ᠶᠢ ᠰᠡᠷᠭᠡᠶᠢᠯᠡᠳᠡᠭ
ᠨᠡᠶᠢᠲᠡᠯᠡᠭᠰᠡᠨ ᠴᠠᠭ᠄
2017/9/15
     
      ᠰᠢᠷ᠎ᠠ ᠪᠤᠷᠴᠠᠭ ᠢᠶᠠᠷ ᠭᠤᠤᠯ ᠲᠦᠬᠦᠭᠡᠢ ᠮᠠᠲ᠋ᠧᠷᠢᠶᠠᠯ ᠪᠤᠯᠭᠠᠨ᠂ ᠳᠠᠪᠤᠰᠤ ᠵᠡᠷᠭᠡ ᠡᠳ᠋ ᠢ ᠨᠡᠮᠡᠨ ᠢᠰᠭᠡᠭᠰᠡᠨ ᠨᠢᠭᠡ ᠵᠦᠢᠯ ᠤᠨ ᠵᠢᠶᠠᠩ ᠰᠢᠮ᠎ᠡ ᠲᠡᠵᠢᠭᠡᠯ ᠡᠯᠪᠡᠭ᠂ ᠦᠨᠦᠷ ᠠᠮᠳᠠ ᠭᠤᠴᠤ ᠮᠦᠷᠲᠡᠭᠡᠨ ᠬᠤᠳᠤᠭᠤᠳᠤᠨ ᠦᠮᠡᠨ ᠪᠠ ᠰᠢᠯᠤᠭᠤᠨ ᠭᠡᠳᠡᠰᠦᠨ ᠤ ᠦᠮᠡᠨ ᠵᠡᠷᠭᠡ ᠡᠪᠡᠳᠴᠢᠨ ᠢ ᠰᠡᠷᠭᠡᠶᠢᠯᠡᠳᠡᠭ ᠭᠡᠵᠦ ᠤᠤᠯ ᠤᠨ ᠰᠤᠳᠤᠯᠭᠠᠨ ᠳᠤ ᠭᠡᠯᠡᠭᠰᠡᠨ ᠪᠢᠯᠡ᠃ ᠶᠠᠫᠤᠨ ᠤ ᠬᠢᠷᠤᠰᠢᠮᠠ ᠶᠡᠭᠡ ᠰᠤᠷᠭᠠᠭᠤᠯᠢ ᠶᠢᠨ ᠬᠠᠮᠤᠬ ᠤᠨ ᠰᠢᠨ᠎ᠡ ᠰᠤᠳᠤᠯᠭᠠᠨ ᠳᠤ ᠬᠠᠷᠠᠭᠤᠯᠤᠭᠰᠠᠨ ᠢᠶᠠᠷ᠂ ᠳᠤᠰ ᠵᠢᠶᠠᠩ ᠢ ᠦᠷᠬᠦᠯᠵᠢ ᠢᠳᠡᠪᠡᠯ ᠴᠢᠰᠤᠨ ᠳᠠᠷᠤᠯᠳᠠ ᠶᠢ ᠪᠠᠭᠤᠷᠠᠭᠤᠯᠤᠨ᠂ ᠰᠠ ᠳᠠᠭᠠᠷᠢᠬᠤ ᠶᠢ ᠰᠡᠷᠭᠡᠶᠢᠯᠡᠳᠡᠭ᠃     ᠰᠤᠳᠤᠯᠭᠠᠳᠠᠳ ᠴᠢᠰᠤᠨ ᠳᠠᠷᠤᠯᠳᠠ ᠠᠮᠠᠷᠬᠠᠨ ᠦᠨᠳᠦᠷᠵᠢᠬᠦ ᠳᠤᠷᠰᠢᠯᠳᠠ ᠶᠢᠨ ᠬᠤᠯᠤᠭᠠᠨ᠎ᠠ ᠳᠤ ᠠᠳᠠᠯᠢ ᠪᠤᠰᠤ ᠢᠳᠡᠭᠡᠨ ᠢᠳᠡᠬᠦᠯᠦᠨ᠂ ᠨᠢᠭᠡ ᠳᠤᠭᠤᠢᠢᠯᠠᠩ ᠳᠤᠨᠢ ᠡᠶᠢᠮᠦᠷᠬᠦ ᠵᠢᠶᠠᠩ ᠲᠠᠢ ᠢᠳᠡᠭᠡᠨ ᠢᠳᠡᠬᠦᠯᠦᠨ᠂ ᠬᠤᠶᠠᠳᠤᠭᠠᠷ ᠳᠤᠭᠤᠢᠢᠯᠠᠩ ᠳᠤᠨᠢ ᠡᠶᠢᠮᠦᠷᠬᠦ ᠵᠢᠶᠠᠩ ᠠᠭᠤᠯᠤᠭᠳᠠᠬᠤ ᠦᠭᠡᠢ ᠪᠤᠯᠪᠠᠴᠤ ᠨᠢᠭᠡᠳᠦᠭᠡᠷ ᠳᠤᠭᠤᠢᠢᠯᠠᠩ ᠤᠨ ᠬᠢ ᠲᠠᠢ ᠠᠳᠠᠯᠢᠬᠠᠨ ᠳᠠᠪᠤᠰᠤ ᠲᠠᠢ ᠢᠳᠡᠭᠡᠨ ᠢᠳᠡᠬᠦᠯᠵᠦ᠂ ᠭᠤᠷᠪᠠᠳᠤᠭᠠᠷ ᠳᠤᠭᠤᠢᠢᠯᠠᠩ ᠤᠨ ᠪᠤᠷᠳᠤᠭᠠᠨ ᠳᠤ ᠳᠠᠪᠤᠰᠤ ᠮᠠᠰᠢ ᠪᠠᠭ᠎ᠠ ᠬᠢᠵᠡᠢ᠃ ᠡᠬᠦᠨ ᠳᠤ᠂ ᠬᠤᠶᠠᠳᠤᠭᠠᠷ ᠳᠤᠭᠤᠢᠢᠯᠠᠩ ᠤᠨ ᠳᠤᠷᠰᠢᠯᠳᠠ ᠶᠢᠨ ᠬᠤᠯᠤᠭᠠᠨ᠎ᠠ ᠤᠳᠠᠭᠰᠠᠨ ᠴᠤ ᠦᠭᠡᠢ ᠰᠠ ᠲᠠᠭᠠᠷᠢᠬᠤ᠂ ᠳᠠᠷᠢᠬᠢᠨ ᠤ ᠰᠤᠳᠠᠯ ᠪᠦᠯᠦᠩᠨᠡᠷᠡᠬᠦ ᠵᠡᠷᠭᠡ ᠡᠪᠡᠳᠴᠢᠨ ᠳᠤ ᠨᠡᠷᠪᠡᠭᠳᠡᠨ᠂ ᠨᠢᠭᠡᠳᠦᠭᠡᠷ ᠳᠤᠭᠤᠢᠢᠯᠠᠩ ᠪᠠ ᠭᠤᠷᠪᠠᠳᠤᠭᠠᠷ ᠳᠤᠭᠤᠢᠢᠯᠠᠩ ᠤᠨ ᠬᠤᠯᠤᠭᠠᠨ᠎ᠠ ᠡᠭᠡᠭᠡ ᠠᠳᠠᠯᠢ ᠡᠷᠡᠬᠦᠯ ᠴᠢᠬᠢᠷᠠᠭ᠃     ᠳᠠᠪᠤᠰᠤ ᠠᠷᠪᠢᠨ ᠢᠳᠡᠪᠡᠯ ᠴᠢᠰᠤᠨ ᠳᠠᠷᠤᠯᠳᠠ ᠠᠮᠠᠷᠬᠠᠨ ᠦᠨᠳᠦᠷᠵᠢᠳᠡᠭ᠃ ᠰᠤᠳᠤᠯᠭᠠᠳᠠᠳ ᠤᠨ ᠵᠠᠳᠠᠯᠤᠭᠰᠠᠨ ᠢᠶᠠᠷ᠂ ᠰᠢᠷ᠎ᠡ ᠪᠤᠷᠴᠠᠭ ᠢ ᠢᠰᠭᠡᠭᠡᠳ ᠵᠢᠶᠠᠩ ᠪᠤᠯᠭᠠᠪᠠᠯ ᠳᠠᠪᠤᠰᠤᠨ ᠤ ᠪᠡᠶ᠎ᠡ ᠮᠠᠬᠠᠪᠤᠳ ᠲᠤ ᠦᠵᠡᠬᠦᠯᠬᠦ ᠨᠦᠯᠦᠭᠡ ᠶᠢ ᠤᠳᠠᠭᠠᠰᠢᠷᠠᠭᠤᠯᠬᠤ ᠨᠢᠭᠡ ᠵᠦᠢᠯ ᠤᠨ ᠪᠤᠳᠠᠰ ᠡᠬᠦᠰᠭᠡᠨ᠂ ᠡᠨᠡ ᠨᠢ ᠴᠢᠰᠤᠨ ᠳᠠᠷᠤᠯᠳᠠ ᠶᠢ ᠪᠠᠭᠤᠷᠠᠭᠤᠯᠬᠤ ᠶᠢᠨ ᠬᠠᠮᠳᠤ ᠰᠠ ᠳᠠᠭᠠᠷᠢᠬᠤ ᠵᠡᠷᠭᠡ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ᠃                                                        ᠨᠠᠶᠢᠷᠠᠭᠤᠯᠤᠭᠴᠢ᠄ ᠭᠡᠷᠡᠯᠲᠤᠶᠠᠭ᠎ᠠ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号