ᠸᠢᠲ᠋ᠠᠮᠢᠨ B3 ᠣᠷᠤᠭ ᠣᠨᠠᠭᠠᠬᠤ ᠶᠢ ᠰᠡᠷᠭᠡᠶᠢᠯᠡᠬᠦ ᠦᠢᠯᠡᠳᠦᠯ ᠲᠠᠢ
ᠨᠡᠶᠢᠲᠡᠯᠡᠭᠰᠡᠨ ᠴᠠᠭ᠄
2017/9/15
      ᠪᠦᠬᠦ ᠲᠡᠯᠡᠬᠡᠢ ᠳᠤ ᠵᠢᠯ ᠪᠦᠷᠢ 790 ᠳᠦᠮᠡᠨ ᠡᠷᠡᠮᠲᠡᠭ ᠬᠡᠦᠭᠡᠳ ᠳᠦᠷᠦᠵᠦ᠂ ᠠᠦ᠋ᠰᠲᠷᠠᠯᠢᠶ᠎ᠠ ᠶᠢᠨ ᠪᠠᠷᠤᠭ 1/4᠎ ᠶᠢ ᠡᠵᠡᠯᠡᠬᠦ ᠵᠢᠷᠮᠦᠰᠦᠨ ᠡᠮᠡᠭᠲᠡᠢ ᠤᠷᠤᠭ ᠤᠨᠠᠭᠠᠵᠤ ᠪᠠᠶᠢᠨ᠎ᠠ᠃ ︽ᠰᠢᠨ᠎ᠡ ᠢᠩᠭ᠍ᠯᠠᠨᠳ᠋ ᠤᠨ ᠠᠨᠠᠭᠠᠬᠤ ᠤᠬᠠᠭᠠᠨ ᠤ ᠰᠡᠳᠬᠦᠯ︾᠎ ᠳᠤ ᠨᠡᠶᠢᠲᠡᠯᠡᠭᠰᠡᠨ ᠬᠠᠮᠤᠭ ᠤᠨ ᠰᠢᠨ᠎ᠡ ᠰᠤᠳᠤᠯᠭᠠᠨ ᠤ ᠳ᠋ᠦᠩ ᠠᠴᠠ ᠦᠵᠡᠪᠡᠯ᠂ ᠵᠢᠷᠮᠤᠰᠦᠨ ᠬᠤᠭᠤᠴᠠᠭᠠᠨ ᠳᠤ ᠸᠢᠲ᠋ᠠᠮᠢᠨ B3 ᠤᠤᠭᠤᠪᠠᠯ ᠤᠷᠤᠭ ᠤᠨᠠᠭᠠᠬᠤ ᠪᠠ ᠡᠷᠡᠮᠲᠡᠭ ᠬᠡᠦᠭᠡᠳ ᠳᠦᠷᠦᠬᠦ ᠪᠤᠯᠤᠮᠵᠢ ᠶᠢ ᠮᠡᠲᠡᠭᠲᠡᠬᠦᠶᠢᠴᠠ ᠪᠠᠭᠠᠰᠬᠠᠵᠤ ᠪᠤᠯᠤᠨ᠎ᠠ᠃ ᠠᠦ᠋ᠰᠲᠷᠠᠯᠢᠶ᠎ᠠ ᠶᠢᠨ ᠡᠮᠦᠨ᠎ᠡ ᠸᠥᠯᠰ ᠶᠡᠭᠡ ᠰᠤᠷᠭᠠᠭᠤᠯᠢ ᠎ ᠶᠢᠨ ᠵᠢᠷᠦᠬᠡᠨ ᠡᠪᠡᠳᠴᠢᠨ ᠤ ᠰᠤᠳᠤᠯᠤᠯ ᠤᠨ ᠰᠢᠨᠵᠢᠯᠡᠬᠦ ᠤᠬᠠᠭᠠᠨᠲᠠᠨ ᠨᠠᠷ ᠰᠤᠳᠤᠯᠤᠯ ᠢᠶᠠᠷ ᠢᠯᠡᠷᠡᠬᠦᠯᠦᠭᠰᠡᠨ ᠨᠢ᠂ NAD᠎ ᠶᠢᠨ ᠴᠢᠬᠤᠯᠠ ᠮᠤᠯᠧᠺᠦ᠋ᠯ ᠳᠤᠲᠠᠭᠲᠠᠪᠠᠯ᠂ ᠵᠢᠷᠮᠦᠰᠦᠨ ᠬᠤᠭᠤᠴᠠᠭᠠᠨ ᠳᠤ ᠪᠠᠶᠢᠭ᠎ᠠ ᠬᠡᠪᠡᠯᠢ ᠳᠠᠬᠢ  ᠬᠡᠦᠭᠡᠳ ᠤᠨ ᠡᠷᠭᠡᠲᠡᠨ ᠤ ᠬᠡᠪ ᠤᠨ ᠪᠤᠶᠢᠵᠢᠯᠲᠠ ᠶᠢ ᠬᠠᠷᠰᠢᠯᠠᠨ᠎ᠠ᠃ ᠰᠤᠳᠤᠯᠤᠬᠴᠢᠳ NAD ᠲᠤᠲᠠᠮᠠᠭ ᠬᠦᠮᠦᠨ ᠳᠦᠷᠦᠯᠬᠢᠲᠠᠨ ᠲᠠᠢ ᠳᠦᠰᠦᠭᠡᠲᠡᠢ ᠬᠤᠯᠤᠭᠠᠨ᠎ᠠ ᠪᠠᠷ ᠳᠤᠷᠰᠢᠯᠲᠠ ᠬᠢᠵᠦ ᠦᠵᠡᠭᠰᠡᠨ ᠳᠤ᠂ ᠬᠤᠯᠤᠭᠠᠨ᠎ᠠ ᠳᠤ ᠸᠢᠲ᠋ᠠᠮᠢᠨ NAD ᠤᠤᠭᠤᠯᠭᠠᠭᠰᠠᠨ ᠤ ᠲᠠᠷᠠᠭ᠎ᠠ ᠬᠡᠭᠡᠯ ᠬᠠᠶᠠᠬᠤ ᠶᠢ ᠨᠢ ᠬᠤᠷᠢᠬᠯᠠᠵᠤ ᠴᠢᠲᠠᠭᠰᠠᠨ ᠪᠦᠬᠡᠳ ᠡᠷᠡᠮᠲᠡᠭ ᠵᠤᠯᠵᠠᠭ᠎ᠠ ᠳᠦᠷᠦᠬᠦ ᠦᠭᠡᠢ ᠪᠤᠯᠵᠠᠢ᠃ ᠵᠢᠷᠮᠤᠰᠦᠨ ᠡᠮᠡᠭᠲᠡᠢ ᠢᠲᠡᠰᠢ ᠤᠤᠭᠤᠰᠢᠨ ᠳᠤ ᠪᠠᠨ ᠸᠢᠲ᠋ᠠᠮᠢᠨ B3 ᠨᠦᠬᠦᠪᠦᠷᠢᠯᠡᠪᠡᠯ᠂ ᠤᠷᠤᠭ ᠤᠨᠠᠭᠠᠬᠤ ᠪᠠ ᠡᠷᠡᠮᠳᠡᠭ ᠬᠡᠦᠭᠡᠳ ᠳᠦᠷᠦᠬᠦ ᠶᠢ ᠰᠡᠷᠬᠡᠶᠢᠯᠡᠵᠦ  ᠴᠢᠲᠠᠬᠤ ᠪᠠᠶᠢᠵᠤ ᠮᠠᠲᠠᠨ᠎ᠠ᠃        ᠳᠠᠷᠠᠭᠠᠴᠢ ᠶᠢᠨ ᠠᠯᠬᠤᠮ ᠳᠤ ᠰᠤᠳᠤᠯᠭᠠᠨ ᠤ ᠠᠵᠢᠯᠲᠠᠳ ᠬᠦᠮᠦᠨ ᠤ ᠪᠡᠶ᠎ᠡ ᠳᠠᠬᠢ ᠲᠠᠭᠠᠯᠲᠠ ᠢᠰᠭᠡᠬᠦᠷ ᠢ ᠬᠡᠮᠵᠢᠬᠦ ᠬᠡᠮᠵᠢᠬᠦᠷ ᠰᠤᠳᠤᠯᠤᠨ ᠦᠢᠯᠡᠳᠴᠦ᠂ ᠡᠷᠡᠮᠲᠡᠭ ᠬᠡᠦᠭᠡᠳ ᠳᠦᠷᠦᠬᠦ ᠪᠤᠯᠤᠯᠴᠠᠭ᠎ᠠ ᠶᠢ ᠡᠷᠲᠡ ᠠᠴᠠ ᠰᠢᠨᠵᠢᠨ ᠮᠠᠲᠠᠵᠤ᠂ ᠲᠠᠲᠠᠨ ᠳᠤ ᠸᠢᠲ᠋ᠠᠮᠢᠨ B3᠎ ᠢ ᠬᠠᠩᠭᠠᠮᠵᠢᠲᠠᠢ ᠡᠳ᠋ᠯᠡᠬᠦᠯᠦᠨ᠎ᠡ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号