ᠦᠷᠬᠦᠯᠵᠢ ᠠᠭᠠᠵᠢᠮ ᠬᠦᠶᠦᠬᠦ ᠨᠢ ᠨᠠᠰᠤᠨ ᠬᠤᠳᠤᠭ ᠢ ᠤᠷᠳᠤᠳᠬᠠᠨ᠎ᠠ
ᠨᠡᠶᠢᠲᠡᠯᠡᠭᠰᠡᠨ ᠴᠠᠭ᠄
2017/9/15
         ᠠᠭᠠᠵᠢᠮ ᠬᠦᠶᠦᠬᠦ ᠨᠢ ᠬᠦᠴᠢᠯᠳᠦ᠋ᠷᠦᠭᠴᠢ ᠰᠤᠷᠤᠬᠤ ᠭᠡᠮᠵᠢᠶ᠎ᠡ ᠶᠢ ᠨᠡᠮᠡᠭᠳᠡᠬᠦᠯᠦᠨ᠂ ᠨᠦᠢᠷ ᠤᠨ ᠠᠷᠠᠯ ᠤᠨ ᠡᠳ᠋ ᠤᠨ ᠰᠤᠷᠭᠤᠭ ᠴᠢᠨᠠᠷ ᠢ ᠲᠡᠭᠡᠭᠰᠢᠯᠡᠬᠦᠯᠵᠦ᠂ ᠦᠭᠡᠬᠦᠨ ᠤ ᠰᠤᠯᠢᠬᠳᠠᠯ ᠢ ᠠᠬᠢᠭᠤᠯᠵᠤ᠂ ᠴᠢᠰᠤᠨ ᠳᠠᠷᠤᠯᠳᠠ ᠶᠢ ᠪᠠᠭᠤᠷᠠᠭᠤᠯᠵᠤ᠂ ᠴᠢᠰᠤᠨ ᠤ ᠵᠢᠵᠢᠭ  ᠳᠤᠯᠪᠤ ᠶᠢᠨ ᠴᠤᠭᠯᠠᠷᠠᠯ ᠢ ᠪᠠᠭᠠᠰᠬᠠᠵᠤ᠂ ᠵᠢᠷᠦᠭᠡᠨ ᠤ ᠴᠢᠳᠠᠪᠬᠢ ᠶᠢ ᠲᠡᠭᠡᠭᠰᠢᠯᠡᠬᠦᠯᠦᠨ᠂ ᠮᠠᠷᠢᠶᠠᠯᠠᠬᠤ ᠶᠢ ᠰᠡᠷᠭᠡᠶᠢᠯᠡᠵᠦ᠂ ᠵᠢᠷᠦᠭᠡ ᠶᠢ ᠰᠠᠶᠢᠵᠢᠷᠠᠭᠤᠯᠳᠠᠭ᠃ ᠳ᠋ᠠᠨᠮᠠᠷᠺ ᠤᠨ ᠺᠤᠪᠧᠨᠬᠠᠭᠠᠨ ᠬᠤᠳᠠ ᠶᠢᠨ ᠵᠢᠷᠦᠭᠡᠨ ᠤ ᠰᠤᠳᠤᠯᠭᠠᠨ ᠤ ᠭᠠᠵᠠᠷ ᠤᠨ ᠬᠠᠮᠤᠬ ᠤᠨ ᠰᠢᠨ᠎ᠡ ᠰᠤᠳᠤᠯᠭᠠᠨ ᠳᠤ ᠬᠠᠷᠠᠭᠤᠯᠤᠭᠰᠠᠨ ᠢᠶᠠᠷ᠂ ᠭᠠᠷᠠᠭ ᠪᠦᠷᠢ 1 ᠴᠠᠭ ᠢᠯᠡᠬᠦᠦ ᠠᠭᠠᠵᠢᠮ ᠬᠦᠶᠦᠪᠡᠯ  ᠲᠡᠭᠰᠢᠳᠭᠡᠯ ᠨᠠᠰᠤᠨ ᠬᠤᠳᠤᠭ ᠢ ᠪᠠᠷᠤᠭ 6 ᠵᠢᠯ ᠤᠷᠳᠤᠳᠬᠠᠨ᠎ᠠ᠃        ᠰᠤᠳᠤᠯᠭᠠᠳᠠᠳ 1976 ᠤᠨ ᠳᠤ 20 ~ 79 ᠨᠠᠰᠤᠨ ᠤ 1.9  ᠲᠦᠮᠡᠨ ᠰᠠᠶᠢᠨ ᠳᠤᠷᠠᠴᠤᠤᠯ ᠢ ᠡᠯᠰᠡᠨ᠂ ᠲᠡᠳᠡᠨ ᠤ ᠰᠦᠰᠦᠨ ᠤ ᠭᠤᠤᠨᠠᠨ ᠠᠯᠺᠤᠤᠯ᠂ ᠴᠢᠰᠤᠨ ᠳᠠᠷᠤᠯᠳᠠ᠂ ᠴᠢᠰᠤᠨ ᠤ ᠰᠢᠬᠢᠷ ᠪᠠ ᠪᠡᠶ᠎ᠡ ᠮᠠᠬᠠᠪᠤᠳ ᠤᠨ ᠶᠠᠰᠤ ᠴᠢᠨᠠᠷ ᠤᠨ ᠵᠢᠭᠠᠯᠳᠠ ᠳᠤᠭ᠎ᠠ ᠶᠢ ᠪᠠᠶᠢᠴᠠᠭᠠᠭᠰᠠᠨ ᠤ ᠬᠠᠮᠳᠤ ᠳᠠᠮᠠᠬᠢ ᠳᠠᠳᠠᠬᠤ ᠠᠷᠢᠬᠢ ᠤᠤᠭᠤᠬᠤ ᠳᠠᠳᠬᠠᠯ᠂ ᠰᠤᠷᠭᠠᠨ ᠬᠦᠮᠦᠵᠢᠯ ᠤᠨ ᠠᠷᠤ ᠦᠵᠡᠭᠳᠡᠯ᠂ ᠤᠷᠤᠯᠭ᠎ᠠ ᠵᠡᠷᠭᠡ ᠪᠠᠶᠢᠳᠠᠯ ᠢ ᠤᠢᠢᠯᠠᠭᠠᠵᠠᠢ᠃ ᠡᠬᠦᠨ ᠳᠤ 1116 ᠡᠷᠡᠭᠳᠡᠢ ᠪᠠ 762 ᠡᠮᠡᠭᠳᠡᠢ ᠨᠢ ᠦᠷᠬᠦᠯᠵᠢ ᠠᠭᠠᠵᠢᠮ ᠬᠦᠶᠦᠳᠡᠭ᠃ ᠦᠩᠭᠡᠷᠡᠭᠰᠡᠨ 40 ᠵᠢᠯ ᠳᠤ 122 ᠠᠭᠠᠵᠢᠮ ᠬᠦᠶᠦᠭᠴᠢ ᠪᠠ ᠬᠦᠶᠦᠳᠡᠭ ᠦᠭᠡᠢ 10158 ᠬᠦᠮᠦᠨ ᠨᠠᠰᠤ ᠪᠠᠷᠠᠵᠠᠢ᠃        ᠵᠠᠳᠠᠯᠤᠯᠳᠠ ᠬᠢᠭᠰᠡᠨ ᠤ ᠳ᠋ᠦᠩ ᠳᠤ᠂ ᠠᠭᠠᠵᠢᠮ ᠬᠦᠶᠦᠬᠦ ᠨᠢ ᠠᠮᠢᠨ ᠳᠤ ᠤᠷᠤᠬᠤ ᠲᠦᠭᠰᠢᠬᠦᠷᠢ ᠶᠢ 44% ᠢᠶᠠᠷ ᠳᠤᠷᠤᠭᠰᠢᠯᠠᠭᠤᠯᠳᠠᠭ ᠪᠠᠶᠢᠨ᠎ᠠ᠃ ᠬᠦᠶᠦᠳᠡᠭ ᠦᠭᠡᠢ ᠬᠦᠮᠦᠰ ᠲᠠᠢ ᠬᠠᠷᠢᠴᠠᠭᠤᠯᠪᠠᠯ᠂ ᠭᠠᠷᠠᠭ ᠪᠦᠷᠢ 1 ᠴᠠᠭ ᠠᠴᠠ ᠢᠯᠡᠬᠦᠦ ᠠᠭᠠᠵᠢᠮ ᠬᠦᠶᠦᠳᠡᠭ  ᠡᠷᠡᠭᠳᠡᠢ ᠪᠠ ᠡᠮᠡᠭᠳᠡᠢ ᠶᠢᠨ ᠲᠡᠭᠰᠢᠳᠭᠡᠯ ᠨᠠᠰᠤᠨ ᠬᠤᠳᠤᠭ ᠨᠢ  6.2 ᠵᠢᠯ ᠪᠠ  5.6  ᠵᠢᠯ ᠤᠷᠳᠤᠳᠤᠭᠰᠠᠨ ᠪᠠᠶᠢᠪᠠ᠃      ᠰᠤᠳᠤᠯᠭᠠᠳᠠᠳ ᠤᠨ ᠭᠡᠯᠡᠬᠦ ᠪᠠᠷ᠂ ᠬᠦᠶᠦᠬᠦ ᠦᠶᠡᠰ ᠪᠤᠯᠴᠢᠩ ᠤᠬᠤᠷ ᠴᠠᠭ ᠲᠤ ᠨᠡᠩ ᠠᠷᠪᠢᠨ ᠬᠦᠴᠢᠯᠳᠦ᠋ᠷᠦᠭᠴᠢ ᠬᠤᠷᠤᠭᠳᠠᠭᠤᠯᠳᠠᠭ ᠳᠤᠯᠠ ᠪᠡᠶ᠎ᠡ ᠪᠠᠨ ᠪᠤᠯᠪᠠᠰᠤᠷᠠᠭᠰᠠᠳ ᠠᠮᠠᠷᠠᠬᠤ ᠦᠶᠡᠰ ᠨᠠᠩ ᠠᠷᠪᠢᠨ ᠬᠦᠴᠢᠯᠳᠦ᠋ᠷᠦᠭᠴᠢ ᠰᠤᠷᠤᠵᠤ ᠰᠤᠷᠬᠤ ᠴᠢᠬᠤᠯᠠᠳᠠᠢ᠃  ᠤᠤᠯ ᠤᠨ ᠰᠤᠳᠤᠯᠭᠠᠨ ᠳᠤ ᠭᠡᠷᠡᠴᠢᠯᠡᠭᠰᠡᠨ ᠢᠶᠠᠷ᠂ ᠡᠳᠦᠷ ᠪᠦᠷᠢ 30 ᠮᠢᠨᠦ᠋ᠲ ᠠᠭᠠᠵᠢᠮ  ᠬᠦᠶᠦᠪᠡᠯ ᠠᠭᠤᠰᠬᠢᠨ ᠤ ᠭᠡᠢ ᠶᠢᠨ ᠪᠠᠭᠳᠠᠭᠠᠮᠵᠢ ᠶᠢ 1/3 ᠪᠠᠷ  ᠶᠡᠭᠡᠰᠭᠡᠬᠦ ᠶᠢᠨ ᠬᠠᠮᠳᠤ ᠴᠢᠰᠤᠨ ᠤ ᠬᠦᠴᠢᠯᠳᠦ᠋ᠷᠦᠭᠴᠢ ᠶᠢ ᠨᠡᠶᠢᠯᠡᠬᠦᠯᠬᠦ ᠴᠢᠳᠠᠪᠤᠷᠢ ᠶᠢ ᠰᠠᠶᠢᠵᠢᠷᠠᠭᠤᠯᠳᠠᠭ᠃                                                                             ᠲᠤᠷᠤᠨ᠎ᠠ
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号