ᠪᠦᠬᠦ ᠲᠡᠯᠡᠬᠡᠢ ᠳᠤ ᠵᠢᠯ ᠪᠦᠷᠢ 790 ᠳᠦᠮᠡᠨ ᠡᠷᠡᠮᠲᠡᠭ ᠬᠡᠦᠭᠡᠳ ᠳᠦᠷᠦᠵᠦ᠂ ᠠᠦ᠋ᠰᠲᠷᠠᠯᠢᠶ᠎ᠠ ᠶᠢᠨ | ᠪᠠᠷᠤᠭ 1/4 ᠶᠢ ᠡᠵᠡᠯᠡᠬᠦ ᠵᠢᠷᠮᠦᠰᠦᠨ ᠡᠮᠡᠭᠲᠡᠢ ᠤᠷᠤᠭ ᠤᠨᠠᠭᠠᠵᠤ ᠪᠠᠶᠢᠨ᠎ᠠ᠃ ︽ᠰᠢᠨ᠎ᠡ ᠢᠩᠭ᠍ᠯᠠᠨᠳ᠋ ᠤᠨ ᠠᠨᠠᠭᠠᠬᠤ | ᠤᠬᠠᠭᠠᠨ ᠤ ᠰᠡᠳᠬᠦᠯ︾ ᠳᠤ ᠨᠡᠶᠢᠲᠡᠯᠡᠭᠰᠡᠨ ᠬᠠᠮᠤᠭ ᠤᠨ ᠰᠢᠨ᠎ᠡ ᠰᠤᠳᠤᠯᠭᠠᠨ ᠤ ᠳ᠋ᠦᠩ ᠠᠴᠠ ᠦᠵᠡᠪᠡᠯ᠂ | ᠵᠢᠷᠮᠤᠰᠦᠨ ᠬᠤᠭᠤᠴᠠᠭᠠᠨ ᠳᠤ ᠸᠢᠲ᠋ᠠᠮᠢᠨ B3 ᠤᠤᠭᠤᠪᠠᠯ ᠤᠷᠤᠭ ᠤᠨᠠᠭᠠᠬᠤ ᠪᠠ ᠡᠷᠡᠮᠲᠡᠭ ᠬᠡᠦᠭᠡᠳ ᠳᠦᠷᠦᠬᠦ | ᠪᠤᠯᠤᠮᠵᠢ ᠶᠢ ᠮᠡᠲᠡᠭᠲᠡᠬᠦᠶᠢᠴᠠ ᠪᠠᠭᠠᠰᠬᠠᠵᠤ ᠪᠤᠯᠤᠨ᠎ᠠ᠃ ᠠᠦ᠋ᠰᠲᠷᠠᠯᠢᠶ᠎ᠠ ᠶᠢᠨ ᠡᠮᠦᠨ᠎ᠡ ᠸᠥᠯᠰ ᠶᠡᠭᠡ ᠰᠤᠷᠭᠠᠭᠤᠯᠢ | ᠶᠢᠨ ᠵᠢᠷᠦᠬᠡᠨ ᠡᠪᠡᠳᠴᠢᠨ ᠤ ᠰᠤᠳᠤᠯᠤᠯ ᠤᠨ ᠰᠢᠨᠵᠢᠯᠡᠬᠦ ᠤᠬᠠᠭᠠᠨᠲᠠᠨ ᠨᠠᠷ ᠰᠤᠳᠤᠯᠤᠯ ᠢᠶᠠᠷ ᠢᠯᠡᠷᠡᠬᠦᠯᠦᠭᠰᠡᠨ ᠨᠢ᠂ | NAD ᠶᠢᠨ ᠴᠢᠬᠤᠯᠠ ᠮᠤᠯᠧᠺᠦ᠋ᠯ ᠳᠤᠲᠠᠭᠲᠠᠪᠠᠯ᠂ ᠵᠢᠷᠮᠦᠰᠦᠨ ᠬᠤᠭᠤᠴᠠᠭᠠᠨ ᠳᠤ ᠪᠠᠶᠢᠭ᠎ᠠ ᠬᠡᠪᠡᠯᠢ ᠳᠠᠬᠢ | ᠬᠡᠦᠭᠡᠳ ᠤᠨ ᠡᠷᠭᠡᠲᠡᠨ ᠤ ᠬᠡᠪ ᠤᠨ ᠪᠤᠶᠢᠵᠢᠯᠲᠠ ᠶᠢ ᠬᠠᠷᠰᠢᠯᠠᠨ᠎ᠠ᠃ ᠰᠤᠳᠤᠯᠤᠬᠴᠢᠳ NAD ᠲᠤᠲᠠᠮᠠᠭ ᠬᠦᠮᠦᠨ | ᠳᠦᠷᠦᠯᠬᠢᠲᠠᠨ ᠲᠠᠢ ᠳᠦᠰᠦᠭᠡᠲᠡᠢ ᠬᠤᠯᠤᠭᠠᠨ᠎ᠠ ᠪᠠᠷ ᠳᠤᠷᠰᠢᠯᠲᠠ ᠬᠢᠵᠦ ᠦᠵᠡᠭᠰᠡᠨ ᠳᠤ᠂ ᠬᠤᠯᠤᠭᠠᠨ᠎ᠠ ᠳᠤ | ᠸᠢᠲ᠋ᠠᠮᠢᠨ NAD ᠤᠤᠭᠤᠯᠭᠠᠭᠰᠠᠨ ᠤ ᠲᠠᠷᠠᠭ᠎ᠠ ᠬᠡᠭᠡᠯ ᠬᠠᠶᠠᠬᠤ ᠶᠢ ᠨᠢ ᠬᠤᠷᠢᠬᠯᠠᠵᠤ ᠴᠢᠲᠠᠭᠰᠠᠨ ᠪᠦᠬᠡᠳ | ᠡᠷᠡᠮᠲᠡᠭ ᠵᠤᠯᠵᠠᠭ᠎ᠠ ᠳᠦᠷᠦᠬᠦ ᠦᠭᠡᠢ ᠪᠤᠯᠵᠠᠢ᠃ ᠵᠢᠷᠮᠤᠰᠦᠨ ᠡᠮᠡᠭᠲᠡᠢ ᠢᠲᠡᠰᠢ ᠤᠤᠭᠤᠰᠢᠨ ᠳᠤ ᠪᠠᠨ ᠸᠢᠲ᠋ᠠᠮᠢᠨ | B3 ᠨᠦᠬᠦᠪᠦᠷᠢᠯᠡᠪᠡᠯ᠂ ᠤᠷᠤᠭ ᠤᠨᠠᠭᠠᠬᠤ ᠪᠠ ᠡᠷᠡᠮᠳᠡᠭ ᠬᠡᠦᠭᠡᠳ ᠳᠦᠷᠦᠬᠦ ᠶᠢ ᠰᠡᠷᠬᠡᠶᠢᠯᠡᠵᠦ ᠴᠢᠲᠠᠬᠤ ᠪᠠᠶᠢᠵᠤ | ᠮᠠᠲᠠᠨ᠎ᠠ᠃ | ᠳᠠᠷᠠᠭᠠᠴᠢ ᠶᠢᠨ ᠠᠯᠬᠤᠮ ᠳᠤ ᠰᠤᠳᠤᠯᠭᠠᠨ ᠤ ᠠᠵᠢᠯᠲᠠᠳ ᠬᠦᠮᠦᠨ ᠤ ᠪᠡᠶ᠎ᠡ ᠳᠠᠬᠢ ᠲᠠᠭᠠᠯᠲᠠ ᠢᠰᠭᠡᠬᠦᠷ ᠢ | ᠬᠡᠮᠵᠢᠬᠦ ᠬᠡᠮᠵᠢᠬᠦᠷ ᠰᠤᠳᠤᠯᠤᠨ ᠦᠢᠯᠡᠳᠴᠦ᠂ ᠡᠷᠡᠮᠲᠡᠭ ᠬᠡᠦᠭᠡᠳ ᠳᠦᠷᠦᠬᠦ ᠪᠤᠯᠤᠯᠴᠠᠭ᠎ᠠ ᠶᠢ ᠡᠷᠲᠡ ᠠᠴᠠ ᠰᠢᠨᠵᠢᠨ | ᠮᠠᠲᠠᠵᠤ᠂ ᠲᠠᠲᠠᠨ ᠳᠤ ᠸᠢᠲ᠋ᠠᠮᠢᠨ B3 ᠢ ᠬᠠᠩᠭᠠᠮᠵᠢᠲᠠᠢ ᠡᠳ᠋ᠯᠡᠬᠦᠯᠦᠨ᠎ᠡ᠃ | | |