ᠨᠢᠭᠡ ᠰᠠᠷ᠎ᠠ ᠶᠢᠨ ᠡᠮᠦᠨ᠎ᠡ᠂ ᠤᠡᠭᠨᠢᠭᠤᠳ ᠬᠤᠰᠢᠭᠤᠨ ᠤ ᠮᠠᠭᠤ ᠱᠠᠩᠳᠠ ᠰᠢᠶᠠᠩ ᠤᠨ ᠱᠤᠤ ᠭᠦᠸᠧ | ᠲᠤᠰᠬᠤᠨ ᠤ ᠰᠠᠨ ᠱᠧᠩ ᠬᠦᠩ ᠪᠠ ᠱᠠᠨ ᠽᠦᠢ ᠽᠢ ᠬᠤᠶᠠᠷ ᠲᠤᠰᠬᠤᠨ ᠲᠤᠭᠰᠢᠨ ᠪᠤᠷᠤᠭᠠᠨ᠂ ᠬᠤᠢ ᠰᠠᠯᠬᠢᠨ ᠤ | ᠭᠠᠮᠰᠢᠭ ᠲᠤ ᠳᠠᠭᠠᠷᠢᠭᠳᠠᠪᠠ᠃ | ᠨᠢᠭᠡ ᠰᠠᠷ᠎ᠠ ᠶᠢᠨ ᠳᠠᠷᠠᠭᠠᠬᠢ ᠦᠨᠦᠳᠦᠷ᠂ ᠭᠠᠮᠰᠢᠭ ᠲᠤ ᠳᠠᠭᠠᠷᠢᠭᠳᠠᠭᠰᠠᠨ ᠲᠤᠰᠬᠤᠨ ᠤ ᠠᠷᠠᠳ | ᠶᠠᠭᠠᠷᠠᠯᠳᠠᠢ ᠪᠠᠷ ᠠᠵᠢᠯᠯᠠᠨ ᠬᠡᠷ ᠬᠦᠷᠢᠶ᠎ᠠ ᠪᠠᠨ ᠳᠠᠬᠢᠨ ᠰᠢᠨ᠎ᠠ ᠪᠠᠷ ᠪᠠᠶᠢᠭᠤᠯᠤᠨ ᠰᠢᠨ᠎ᠠ ᠠᠮᠢᠳᠤᠷᠠᠯ ᠢᠶᠠᠨ | ᠴᠤᠭᠴᠠᠯᠠᠨ᠎ᠠ᠃ | ᠰᠤᠷᠪᠤᠯᠵᠢᠯᠠᠭᠴᠢ ᠲᠤᠰᠬᠤᠨ ᠤ ᠠᠷᠠᠳ ᠶᠠᠩ ᠶᠦᠩ ᠤᠨ ᠬᠦᠷᠬᠦ ᠳᠤ᠂ ᠲᠡᠬᠦᠨ ᠤ ᠭᠡᠷ ᠪᠠᠶᠢᠰᠢᠩ ᠰᠢᠨ᠎ᠡ | ᠲᠦᠷᠬᠦ ᠪᠠᠷ ᠰᠤᠯᠢᠭᠳᠠᠪᠠ᠃ ᠭᠠᠮᠰᠢᠭ ᠲᠤ ᠳᠡᠬᠦᠨ ᠤ ᠬᠡᠷ ᠪᠠ ᠳᠤᠰᠬᠤᠨ ᠤ ᠪᠤᠰᠤᠳ ᠠᠷᠠᠳ ᠤᠳ ᠤᠨ ᠬᠡᠷ ᠨᠢ | ᠠᠳᠠᠯᠢ ᠪᠤᠰᠤ ᠬᠡᠮᠵᠢᠶ᠎ᠠ ᠪᠠᠷ ᠡᠪᠳᠡᠭᠳᠡᠭᠰᠡᠨ ᠢ ᠬᠠᠷᠠᠭᠰᠠᠨ ᠶᠠᠩ ᠶᠦᠩ ᠳᠤᠬᠠᠢ ᠶᠢᠨ ᠦᠶ᠎ᠠ ᠳᠤ ︽ᠤᠳᠤ ᠴᠤ | ᠳᠠᠭᠤᠰᠤᠭᠰᠠᠨ ᠡ᠂ ᠭᠡᠷ ᠪᠠᠰᠠ ᠦᠬᠡᠢ ᠪᠤᠯᠴᠢᠬᠠᠯ᠎ᠠ ᠁︾ ᠬᠡᠵᠦ ᠪᠠᠴᠢᠮᠳᠠᠨ ᠭᠠᠴᠢᠭᠳᠠᠨᠰᠠᠨ ᠠᠴᠠ ᠪᠢᠰᠢ | ᠭᠠᠮᠰᠢᠭ ᠡᠬᠦᠰᠦᠭᠰᠡᠨ ᠤ ᠳᠠᠷᠠᠭ᠎ᠠ ᠤᠡᠭᠨᠢᠭᠤᠳ ᠬᠤᠰᠢᠭᠤ ᠳᠠᠷᠦ᠋ᠢᠬᠠᠨ ᠪᠠᠴᠢᠮ ᠠᠷᠭᠠᠴᠠᠬᠤ ᠲᠦᠰᠦᠯ ᠲᠤᠭᠳᠠᠭᠠᠵᠤ | ᠂ ᠭᠠᠮᠰᠢᠭᠳᠠᠭᠰᠠᠨ ᠤ ᠳᠠᠷᠠᠭᠠᠬᠢ ᠳᠠᠬᠢᠨ ᠪᠠᠶᠢᠭᠤᠯᠬᠤ ᠠᠵᠢᠯ ᠢ ᠲᠡᠷᠢᠬᠦᠨ ᠪᠠᠶᠢᠷᠢᠨ ᠳᠤ ᠳᠠᠯᠪᠢᠵᠦ᠂ ᠭᠠᠮᠰᠢᠭ ᠤᠨ | ᠪᠠᠶᠢᠳᠠᠯ ᠢ ᠡᠷᠦᠬᠡ ᠳᠠᠷᠠᠭᠠᠯᠠᠨ ᠬᠠᠷᠭᠤᠭᠤᠯᠵᠤ᠂ ᠭᠠᠮᠰᠢᠭ ᠲᠤ ᠲᠠᠭᠠᠷᠢᠭᠳᠠᠭᠰᠠᠨ ᠤᠯᠠᠨ ᠲᠦᠮᠡᠨ ᠢ ᠲᠦᠪᠬᠢᠨᠢᠬᠦᠯᠦᠨ | ᠠᠮᠤᠷ ᠲᠦᠪᠰᠢᠨ ᠭᠠᠵᠠᠷ ᠲᠤ ᠬᠦᠷᠭᠡᠬᠦ ᠶᠢᠨ ᠳᠠᠭᠠᠤ ᠲᠦᠯᠦᠪᠵᠢᠬᠦᠯᠬᠦ ᠲᠦᠰᠦᠯ ᠲᠤᠭᠳᠠᠭᠠᠵᠤ᠂ ᠳᠠᠬᠢᠨ | ᠪᠠᠶᠢᠭᠤᠯᠤᠯᠳᠠ ᠶᠢᠨ ᠠᠵᠢᠯ ᠢ ᠢᠩᠬᠢᠵᠦ ᠶᠡᠭᠡ ᠴᠢᠬᠤᠯᠠᠴᠢᠯᠠᠨ ᠬᠢᠨ᠎ᠠ ᠬᠡᠰᠡᠨ ᠢ ᠪᠤᠳᠤᠵᠦ ᠪᠤᠯᠤᠭᠰᠠᠨ ᠦᠬᠡᠢ ᠪᠠᠶᠢᠯ᠎ᠠ | ᠃ ᠤᠩᠨᠢᠭᠤᠳ ᠬᠤᠰᠢᠭᠤ ᠨᠢ ᠳᠠᠬᠢᠨ ᠪᠠᠶᠢᠭᠤᠯᠬᠤ ᠵᠢᠴᠢ ᠰᠠᠯᠪᠢᠨ ᠵᠠᠰᠠᠬᠤ ᠳᠤ ᠤᠷᠢᠳᠠᠪᠠᠷ ᠪᠠᠶᠢᠭᠤᠯᠤᠨ ᠳᠠᠬᠢᠨ | ᠨᠦᠬᠦᠪᠦᠷᠢ ᠦᠭᠬᠦ᠂ ᠦᠪᠡᠷᠳᠡᠭᠡᠨ ᠪᠠᠷᠢᠬᠤ᠂ ᠨᠢᠭᠡᠳᠦᠯᠲᠡᠢ ᠰᠢᠯᠭᠠᠨ ᠬᠤᠷᠢᠶᠠᠬᠤ ᠠᠷᠭ᠎ᠠ ᠶᠢ ᠬᠡᠷᠡᠭᠵᠢᠬᠦᠯᠪᠡ᠃ | ᠪᠠᠰᠠ ᠳᠤᠰᠬᠠᠢ ᠮᠡᠷᠭᠡᠵᠢᠯᠲᠡᠨ ᠤᠷᠢᠵᠦ ᠳᠠᠬᠢᠨ ᠪᠠᠶᠢᠭᠤᠯᠬᠤ ᠪᠤᠷᠤ ᠵᠢᠷᠤᠭ ᠢ ᠲᠦᠰᠦᠪᠯᠡᠬᠦᠯᠵᠤ᠂ ᠪᠠᠷᠢᠯᠭ᠎ᠠ ᠳᠤ | ᠬᠡᠷᠡᠭᠯᠡᠬᠦ ᠮᠠᠲ᠋ᠧᠷᠢᠶᠠᠯ ᠵᠢᠴᠢ ᠪᠠᠷᠢᠯᠭ᠎ᠠ ᠶᠢᠨ ᠪᠠᠷᠢᠮᠵᠢᠶ᠎ᠠ ᠶᠢ ᠨᠡᠶᠢᠳᠡᠯᠡᠨ᠂ ᠭᠤᠷᠪᠠᠳᠤᠭᠠᠷ ᠡᠳᠡᠭᠡᠳ ᠤᠨ ᠬᠢᠨᠠᠨ | ᠬᠠᠮᠢᠶᠠᠷᠤᠭᠴᠢ ᠶᠢ ᠤᠷᠢᠵᠤ᠂ ᠭᠠᠮᠰᠢᠭᠳᠠᠭᠰᠠᠨ ᠤ ᠳᠠᠷᠠᠭᠠᠬᠢ ᠳᠠᠬᠢᠨ ᠪᠠᠶᠢᠭᠤᠯᠬᠤ ᠠᠵᠢᠯ ᠤᠨ ᠪᠦᠬᠦ ᠶᠠᠪᠤᠴᠠ ᠳᠤ | ᠬᠢᠨᠠᠯᠳᠠ ᠳᠠᠯᠪᠢᠨ ᠵᠢᠭᠠᠨ ᠵᠢᠯᠤᠭᠤᠳᠤᠯᠭ᠎ᠠ ᠬᠢᠵᠤ᠂ ᠳᠠᠬᠢᠨ ᠪᠠᠶᠢᠭᠤᠯᠬᠤ ᠭᠡᠷ ᠪᠠᠶᠢᠰᠢᠩ ᠤᠨ ᠶᠠᠰᠤ ᠴᠢᠨᠠᠷ ᠢ | ᠪᠠᠲᠤᠯᠠᠨ᠂ ᠤᠯᠠᠨ ᠲᠦᠮᠡᠨ ᠢ ᠦᠨᠡᠨᠬᠦ ᠠᠮᠤᠷ ᠲᠦᠪᠰᠢᠨ ᠭᠡᠷ ᠪᠠᠶᠢᠰᠢᠩ ᠳᠤ ᠰᠠᠭᠤᠯᠭᠠᠬᠤ ᠪᠠᠷ ᠪᠤᠢ᠃ | ᠤᠳᠤᠬᠠᠨ ᠳᠤ᠂ ᠭᠠᠮᠰᠢᠭᠳᠠᠭᠰᠠᠨ ᠤ ᠳᠠᠷᠠᠭᠠᠬᠢ ᠠᠵᠢᠯ ᠡᠮᠬᠢ ᠴᠡᠭᠴᠡ ᠲᠠᠢ ᠶᠠᠪᠤᠭᠳᠠᠵᠤ᠂ 10 ᠰᠠᠷ᠎ᠠ ᠶᠢᠨ | ᠡᠬᠢ ᠪᠠᠷ ᠭᠠᠮᠰᠢᠭᠳᠠᠭᠰᠠᠨ ᠤᠷᠤᠨ ᠤ ᠭᠡᠷ ᠪᠠᠶᠢᠰᠢᠩ ᠢ ᠳᠠᠬᠢᠨ ᠪᠠᠶᠢᠭᠤᠯᠬᠤ ᠠᠵᠢᠯ ᠢ ᠦᠨᠳᠦᠰᠦᠨ ᠳᠡᠭᠡᠨ | ᠳᠠᠭᠤᠰᠬᠠᠬᠤ ᠪᠠᠷ ᠪᠤᠢ᠃ 9 ᠰᠠᠷ᠎ᠠ ᠶᠢᠨ 12 ᠤᠨ ᠡᠳᠤᠷ ᠪᠤᠯᠳᠠᠯ᠎ᠠ᠂ ᠴᠡᠪᠡᠷᠯᠡᠨ ᠠᠷᠢᠯᠭᠠᠵᠤ ᠵᠦᠬᠡᠬᠡᠪᠦᠷᠢᠯᠡᠭᠰᠡᠨ | ᠪᠠᠷᠢᠯᠭ᠎ᠠ ᠶᠢᠨ ᠬᠤᠭ ᠨᠤᠪᠰᠢ 76800 ᠪᠤᠰᠤᠭ᠎ᠠ ᠳᠦᠷᠪᠡᠯᠵᠢᠨ ᠮᠧᠲᠷ ᠬᠦ᠋ᠷᠴᠤ᠂ 2.1 ᠺᠢᠯᠤᠮᠧᠲᠷ ᠵᠠᠮ ᠢ | ᠵᠠᠰᠠᠵᠤ᠂ ᠭᠠᠮᠰᠢᠭ ᠲᠤ ᠰᠦᠢᠳᠦᠭᠰᠡᠨ ᠲᠠᠷᠢᠮᠠᠯ ᠤᠨ ᠵᠦᠢᠯ ᠳᠤ 34.06 ᠲᠦᠮᠡᠨ ᠲᠦᠭᠦᠷᠢᠭ ᠤᠨ ᠲᠦᠯᠦᠪᠦᠷᠢ | ᠤᠯᠭᠤᠪᠠ᠃ 18 D ᠳᠡᠰ ᠤᠨ ᠡᠷᠦᠬᠡ ᠶᠢᠨ ᠨᠤᠷᠠᠵᠤ ᠰᠦᠢᠷᠡᠭᠰᠡᠨ ᠭᠡᠷ ᠪᠠᠶᠢᠰᠢᠩ ᠤᠨ ᠳᠤᠮᠳᠠ ᠠᠴᠠ 12 | ᠡᠷᠦᠬᠡ ᠨᠢᠭᠡᠨᠳᠡ ᠭᠤᠤᠯ ᠭᠡᠷ ᠤᠨ ᠸᠠᠭᠠᠷ ᠳᠠᠯᠪᠢᠵᠤ᠂ 3 ᠡᠷᠦᠬᠡ ᠳᠡᠭᠡᠪᠦᠷᠢ ᠭᠠᠷᠭᠠᠵᠤ᠂ ᠪᠤᠰᠤᠳ 3 ᠡᠷᠦᠭᠡ | ᠳᠠᠬᠢᠨ ᠪᠠᠶᠢᠭᠤᠯᠬᠤ ᠶᠢ ᠲᠠᠶᠠᠭᠳᠠᠪᠠ᠃ 29 C ᠳᠡᠰ ᠤᠨ ᠭᠡᠷ ᠪᠠᠶᠢᠰᠢᠩ ᠤᠨ ᠭᠤᠤᠯ ᠭᠡᠷ ᠪᠦᠬᠦᠨ ᠢᠶᠠᠷ ᠢᠶᠠᠨ | ᠸᠠᠭᠠᠷ ᠭᠠᠷᠭᠠᠵᠤ᠂ 18 ᠡᠷᠦᠬᠡ ᠶᠢᠨ ᠴᠢᠬᠢᠨ ᠭᠡᠷ ᠸᠠᠭᠠᠷ ᠭᠠᠷᠭᠠᠵᠤ᠂ 11 B ᠳᠡᠰ ᠤᠨ ᠭᠡᠷ ᠪᠠᠶᠢᠰᠢᠩ ᠤᠨ | ᠭᠤᠤᠯ ᠭᠡᠷ᠂ ᠴᠢᠬᠢᠨ ᠭᠡᠷ ᠪᠠ ᠬᠡᠷᠡᠮ ᠵᠡᠷᠭᠡ ᠪᠦᠬᠦ᠋ᠢᠯᠡ ᠰᠡᠯᠪᠢᠨ ᠵᠠᠰᠠᠬᠤ ᠲᠦᠷᠦᠯ ᠵᠦᠢᠯ ᠢ ᠪᠦᠬᠦᠨ ᠢ | ᠳᠠᠭᠤᠰᠬᠠᠨ᠂ C ᠳᠡᠰ B ᠳᠡᠰ ᠤᠨ ᠭᠡᠷ ᠪᠠᠶᠢᠰᠢᠩ ᠨᠢᠭᠡᠨᠳᠡ ᠪᠦᠬᠦᠨ ᠢᠶᠠᠷ ᠢᠶᠠᠨ ᠠᠰᠢᠭᠯᠠᠯᠳᠠ ᠳᠤ ᠤᠷᠤᠪᠠ᠃ | ᠤᠷᠢᠳᠠᠪᠠᠷ ᠪᠠᠶᠢᠭᠤᠯᠵᠤ ᠳᠠᠬᠢᠨ ᠨᠦᠬᠦᠪᠦᠷᠢ ᠦᠭᠬᠦ ᠱᠠᠭᠠᠷᠳᠠᠯᠭ᠎ᠠ ᠶᠢ ᠦᠨᠳᠦᠰᠦᠯᠡᠵᠦ᠂ ᠭᠠᠮᠰᠢᠭᠳᠠᠭᠰᠠᠨ | ᠡᠷᠦᠬᠡ ᠳᠤ ᠬᠠᠮᠤᠭ ᠲᠦᠷᠦᠬᠦᠦ 84.86 ᠲᠦᠮᠡᠨ ᠲᠦᠭᠦᠷᠢᠭ ᠤᠨ ᠨᠦᠬᠦᠪᠦᠷᠢ ᠮᠦᠡᠭᠭᠦ ᠲᠠᠷᠬᠠᠭᠠᠪᠠ᠃ | | |