ᠠᠩᠬᠢ ᠨᠢᠭᠡᠴᠡ ᠪᠣᠯ ᠰᠣᠷᠭᠠᠭᠤᠯᠢ ᠶᠢᠨ ᠦᠨᠳᠦᠰᠦᠨ ᠪᠦᠷᠢᠯᠳᠦᠭᠦᠨ ᠬᠡᠰᠡᠭ ᠪᠣᠯᠣᠨ᠎ᠠ᠃ ᠨᠢᠭᠡᠨ | ᠰᠣᠷᠭᠠᠭᠤᠯᠢ ᠶᠢᠨ ᠰᠤᠷᠭᠠᠭᠤᠯᠢ ᠡᠷᠬᠢᠯᠡᠬᠦ ᠶᠠᠰᠣ ᠴᠢᠨᠠᠷ ᠢ ᠲᠡᠭᠡᠭᠰᠢᠯᠡᠭᠦᠯᠦᠶ᠎ᠡ ᠭᠡᠪᠡᠯ ᠡᠷᠭᠡᠪᠰᠢ ᠠᠩᠬᠢ ᠨᠢᠭᠡᠴᠡ ᠶᠢᠨ | ᠠᠵᠢᠯ ᠢ ᠰᠠᠶᠢᠳᠣᠷ ᠬᠢᠬᠦ ᠬᠡᠷᠡᠭᠳᠠᠢ᠃ ᠠᠩᠬᠢ ᠨᠢᠭᠡᠴᠡ ᠶᠢᠨ ᠠᠵᠢᠯ ᠢ ᠡᠷᠴᠢᠮᠲᠠᠢ ᠬᠢᠬᠦ ᠳᠤ ᠠᠩᠬᠢ ᠡᠷᠬᠢᠯᠡᠭᠴᠢ ᠪᠣᠯ | ᠭᠤᠣᠯ ᠲᠣᠯᠭᠠᠭᠤᠷᠢ ᠪᠣᠯᠣᠨ᠎ᠠ᠃ ᠡᠶᠢᠮᠦ ᠠᠴᠠ ᠠᠩᠬᠢ ᠶᠢᠨ ᠠᠵᠢᠯ ᠢ ᠡᠷᠭᠡᠪᠰᠢ ᠰᠠᠶᠢᠳᠣᠷ ᠬᠦᠢᠴᠡᠳᠭᠡᠬᠦ ᠬᠡᠷᠡᠭᠳᠠᠢ᠃ | | ᠨᠢᠭᠡ᠂ ᠰᠣᠷᠣᠭᠴᠢᠳ ᠢᠶᠠᠨ ᠣᠶᠢᠯᠠᠭᠠᠵᠦ ᠰᠡᠳᠬᠢᠯ ᠢᠶᠠᠨ ᠮᠡᠳᠡᠯᠴᠡᠭᠰᠡᠨ ᠪᠠᠶᠢᠬᠤ ᠬᠡᠷᠡᠭᠳᠠᠢ | ᠪᠠᠭᠰᠢ ᠪᠣᠯᠣᠭᠰᠠᠳ ᠤᠨ ᠲᠠᠷᠬᠠᠨ ᠡᠬᠦᠷᠭᠡ ᠪᠣᠯ ᠪᠢᠴᠢᠭ ᠵᠢᠭᠠᠵᠦ ᠬᠦᠮᠦᠨ ᠢ ᠬᠦᠮᠦᠵᠢᠬᠦᠯᠬᠦ ᠶᠠᠪᠣᠳᠠᠯ | ᠪᠣᠯᠣᠨ᠎ᠠ᠃ ᠨᠢᠭᠡᠨ ᠰᠣᠷᠣᠭᠴᠢ ᠶᠢ ᠣᠶᠢᠯᠠᠭᠠᠬᠤ ᠳᠤ ᠵᠠᠩ ᠠᠭᠠᠯᠢ᠂ ᠠᠵᠦ ᠠᠮᠢᠳᠣᠷᠠᠯ᠂ ᠰᠡᠳᠬᠢᠴᠡ ᠶᠢᠨ | ᠣᠨᠴᠠᠯᠢᠭ ᠵᠡᠷᠭᠡ ᠶᠢ ᠪᠦᠷ ᠣᠶᠢᠯᠠᠭᠠᠵᠦ᠂ ᠰᠣᠷᠣᠭᠴᠢᠳ ᠲᠠᠭᠠᠨ ᠰᠡᠳᠬᠢᠯ ᠤᠨ ᠬᠠᠨᠢ ᠪᠣᠯᠬᠤ ᠬᠡᠷᠡᠭᠳᠠᠢ᠃ ᠶᠠᠮᠠᠷ | ᠨᠢᠭᠡᠨ ᠪᠠᠭ᠎ᠠ ᠣᠴᠢᠷ ᠢ ᠴᠦ ᠪᠣᠰᠣᠳᠴᠢ ᠲᠠᠯ᠎ᠠ ᠪᠡᠶᠡᠴᠢ ᠲᠠᠯ᠎ᠠ ᠠᠴᠠ ᠨᠠᠷᠢᠯᠢᠭ ᠰᠢᠢᠳᠪᠣᠷᠢᠯᠡᠵᠦ᠂ | ᠰᠣᠷᠣᠭᠴᠢᠳ ᠲᠠᠢ ᠪᠠᠨ ᠬᠠᠷᠢᠯᠴᠠᠨ ᠣᠶᠠᠯᠳᠣᠵᠦ᠂ ᠬᠠᠷᠢᠯᠴᠠᠨ ᠬᠦᠢᠴᠡᠳ ᠣᠶᠢᠯᠠᠭᠠᠯᠴᠠᠭᠰᠠᠨ ᠪᠠᠶᠢᠬᠤ ᠬᠡᠷᠡᠭᠳᠠᠢ᠃ | | ᠬᠤᠶᠠᠷ᠂ ᠦᠵᠡᠯ ᠰᠠᠨᠠᠭ᠎ᠠ ᠶᠣᠰᠣ ᠮᠣᠷᠠᠯ ᠤᠨ ᠬᠦᠮᠦᠵᠢᠯ ᠢ ᠦᠷᠭᠦᠯᠵᠢ ᠶᠢᠨ ᠴᠢᠨᠠᠷ ᠲᠠᠢ ᠬᠢᠭᠰᠡᠨ ᠪᠠᠶᠢᠬᠤ | ᠬᠡᠷᠡᠭᠳᠠᠢ | ᠦᠵᠡᠯ ᠰᠠᠨᠠᠭ᠎ᠠ ᠶᠣᠰᠣ ᠮᠣᠷᠠᠯ ᠤᠨ ᠠᠵᠢᠯ ᠢ ᠬᠢᠬᠦ ᠳᠤ ᠠᠩᠬᠢ ᠡᠷᠬᠢᠯᠡᠭᠴᠢ ᠶᠢᠨ ᠠᠵᠢᠯ ᠪᠣᠯ ᠭᠤᠣᠯᠳᠠᠯᠭ᠎ᠠ | ᠮᠦᠨ᠃ ︽ᠦᠵᠡᠯ ᠰᠠᠨᠠᠭ᠎ᠠ ᠵᠠᠩ ᠮᠣᠷᠠᠯ︾ ᠤᠨ ᠬᠢᠴᠢᠶᠡᠯ ᠢ ᠠᠩᠬᠢ ᠡᠷᠬᠢᠯᠡᠭᠴᠢ ᠬᠠᠪᠰᠣᠷᠭᠠᠨ ᠵᠢᠭᠠᠪᠠᠯ ᠨᠡᠯᠢᠶᠡᠳ | ᠦᠷ᠎ᠡ ᠠᠰᠢᠭᠳᠠᠢ ᠪᠠᠶᠢᠳᠠᠭ᠃ ᠣᠴᠢᠷ ᠨᠢ ᠦᠵᠡᠯ ᠰᠠᠨᠠᠭ᠎ᠠ ᠵᠠᠩ ᠮᠣᠷᠠᠯ ᠤᠨ ᠬᠢᠴᠢᠶᠡᠯ ᠨᠢ ᠰᠣᠷᠣᠭᠴᠢᠳ ᠢ | ᠬᠠᠷᠠᠬᠠᠨ ᠪᠠᠭ᠎ᠠ ᠠᠴᠠ ᠨᠢ ᠶᠠᠭᠠᠬᠢᠵᠦ ᠬᠦᠮᠦᠵᠢᠬᠦᠯᠬᠦ᠂ ᠶᠠᠭᠠᠬᠢᠵᠦ ᠬᠠᠮᠳᠣᠴᠢ ᠦᠵᠡᠯ ᠤᠨ ᠬᠦᠮᠦᠵᠢᠯ ᠬᠢᠬᠦ ᠪᠠ | ᠬᠦᠰᠡᠯᠡᠩ ᠤᠨ ᠬᠦᠮᠦᠵᠢᠯ ᠬᠢᠬᠦ ᠵᠡᠷᠭᠡ ᠬᠦᠮᠦᠵᠢᠯ ᠢ ᠦᠷᠨᠢᠬᠦᠯᠵᠦ᠂ ᠦᠵᠡᠯ ᠰᠠᠨᠠᠭ᠎ᠠ ᠶᠣᠰᠣ ᠮᠣᠷᠠᠯ ᠤᠨ | ᠠᠵᠢᠯᠯᠠᠭ᠎ᠠ ᠪᠠᠷ ᠲᠠᠮᠵᠢᠨ ᠪᠦᠬᠦ ᠲᠠᠯ᠎ᠠ ᠪᠠᠷ ᠬᠦᠮᠦᠵᠢᠬᠦᠯᠵᠦ ᠰᠣᠷᠣᠯᠭ᠎ᠠ ᠶᠢᠨ ᠲᠠᠯ᠎ᠠ ᠳᠤ ᠲᠦᠯᠬᠢᠴᠡ ᠦᠢᠯᠡᠳᠣᠯ | ᠦᠵᠡᠭᠦᠯᠬᠦ ᠬᠡᠷᠡᠭᠳᠠᠢ᠃ | ᠭᠤᠷᠪᠠ᠂ ᠰᠣᠷᠣᠯᠭ᠎ᠠ ᠶᠢᠨ ᠲᠠᠯ᠎ᠠ ᠪᠠᠷ ᠴᠢᠩᠭ᠎ᠠ ᠱᠠᠭᠠᠷᠳᠠᠨ ᠣᠨᠴᠠᠯᠢᠭ ᠲᠤᠨᠢ ᠲᠣᠬᠢᠷᠠᠭᠤᠯᠣᠨ ᠵᠢᠭᠠᠨ | ᠵᠢᠯᠣᠭᠤᠳᠣᠭᠰᠠᠨ ᠪᠠᠶᠢᠬᠤ ᠬᠡᠷᠡᠭᠳᠠᠢ | ᠰᠣᠷᠣᠭᠴᠢᠳ ᠤᠨ ᠭᠤᠣᠯ ᠡᠭᠦᠷᠭᠡ ᠪᠣᠯ ᠰᠣᠷᠣᠯᠭ᠎ᠠ ᠮᠦᠨ᠃ ᠬᠢᠷᠢ ᠪᠦᠳᠦᠮᠵᠢ ᠪᠠᠨ ᠲᠡᠭᠡᠭᠰᠢᠯᠡᠬᠦᠯᠬᠦ ᠪᠣᠯ | ᠦᠪᠡᠷ ᠤᠨ ᠪᠡᠶ᠎ᠡ ᠳᠡᠭᠡᠨ ᠬᠠᠷᠢᠭᠤᠴᠠᠬᠤ ᠬᠠᠷᠢᠭᠤᠴᠠᠯᠭᠠᠲᠤ ᠤᠪᠤᠷ ᠪᠤᠯᠤᠨ᠎ᠠ᠃ ᠰᠣᠷᠣᠯᠭ᠎ᠠ ᠶᠢᠨ ᠬᠢᠷᠢ ᠪᠦᠳᠦᠮᠵᠢ ᠶᠢ | ᠵᠦᠪᠬᠡᠨ ᠬᠤᠪᠢ ᠪᠠᠷ ᠪᠠᠷᠢᠮᠵᠢᠶᠠᠯᠠᠬᠤ ᠪᠢᠰᠢ᠂ ᠬᠠᠷᠢᠨ ᠡᠵᠡᠮᠰᠢᠭᠰᠡᠨ ᠮᠡᠳᠡᠯᠭᠡ ᠪᠠ ᠴᠢᠳᠠᠪᠣᠷᠢ ᠶᠢ ᠨᠢ ᠦᠵᠡᠬᠦ | ᠬᠡᠷᠡᠭᠳᠠᠢ᠃ ᠡᠶᠢᠮᠦ ᠠᠴᠠ ᠠᠩᠬᠢ ᠡᠷᠬᠢᠯᠡᠭᠴᠢ ᠶᠠᠭᠤᠨ ᠤ ᠡᠮᠦᠨ᠎ᠡ ᠰᠣᠷᠣᠭᠴᠢ ᠶᠢᠨ ᠰᠣᠷᠣᠯᠴᠠᠬᠤ ᠵᠣᠷᠢᠯᠭ᠎ᠠ ᠶᠢ | ᠲᠣᠳᠣᠯᠠᠵᠦ᠂ ᠲᠠᠷᠠᠭ᠎ᠠ ᠠᠯᠬᠤᠮ ᠳᠤᠨᠢ ᠰᠣᠷᠣᠭᠴᠢ ᠨᠢᠭᠡᠪᠣᠷᠢ ᠶᠢᠨ ᠣᠨᠴᠠᠯᠢᠭ ᠲᠤ ᠲᠣᠬᠢᠷᠠᠭᠰᠠᠨ ᠵᠢᠭᠠᠬᠤ | ᠠᠷᠭ᠎ᠠ ᠶᠢ ᠰᠦᠪᠡᠭᠴᠢᠯᠡᠬᠦ ᠬᠡᠷᠡᠭᠳᠠᠢ᠃ ᠵᠢᠭᠠᠬᠤ ᠠᠷᠭ᠎ᠠ ᠶᠢᠨ ᠰᠢᠨ᠎ᠡ ᠰᠡᠪᠡᠭᠦᠨ ᠢ ᠰᠦᠪᠡᠭᠴᠢᠯᠡᠨ᠂ ᠰᠢᠯᠢᠳᠡᠭ ᠵᠢᠭᠠᠨ | ᠰᠣᠷᠭᠠᠬᠤ ᠠᠷᠭ᠎ᠠ ᠶᠢ ᠰᠣᠳᠣᠯᠵᠦ᠂ ᠰᠣᠷᠣᠭᠴᠢ ᠨᠢᠭᠡᠪᠦᠷᠢ ᠶᠢᠨ ᠣᠨᠴᠠᠯᠢᠭ ᠲᠤ ᠲᠣᠬᠢᠷᠠᠭᠰᠠᠨ ᠵᠢᠭᠠᠨ ᠰᠣᠷᠭᠠᠬᠤ | ᠠᠷᠭ᠎ᠠ ᠶᠢ ᠡᠵᠡᠮᠰᠢᠬᠦ ᠪᠠᠷ ᠪᠠᠷᠠᠬᠤ ᠦᠬᠡᠢ᠂ ᠲᠡᠳᠡᠨ ᠢ ᠰᠢᠨᠵᠢᠯᠡᠬᠦ ᠣᠬᠠᠭᠠᠨᠴᠢ ᠪᠠᠷ ᠵᠢᠭᠠᠨ ᠰᠣᠷᠭᠠᠬᠤ ᠪᠣᠯ ᠭᠤᠣᠯ | ᠵᠠᠩᠬᠢᠯᠠᠭ᠎ᠠ ᠪᠣᠯᠣᠨ᠎ᠠ᠃ | ᠲᠦᠷᠪᠡ᠂ ᠰᠣᠷᠣᠭᠴᠢᠳ ᠢᠶᠠᠨ ᠲᠠᠶᠢᠴᠢᠯᠠᠨ ᠡᠯ᠎ᠡ ᠵᠦᠢᠯ ᠤᠨ ᠠᠵᠢᠯᠯᠠᠭᠠᠨ ᠳᠤ ᠢᠳᠡᠪᠬᠢᠳᠠᠢ ᠣᠷᠣᠯᠴᠠᠭᠰᠠᠨ | ᠪᠠᠶᠢᠬᠤ ᠬᠡᠷᠡᠭᠳᠠᠢ | ᠠᠩᠬᠢ ᠡᠷᠬᠢᠯᠡᠭᠴᠢ ᠠᠩᠬᠢ ᠳᠠᠭᠠᠨ ᠭᠦᠨᠵᠡᠭᠡᠶᠢᠷᠡᠬᠦ ᠪᠠᠷ ᠪᠠᠷᠠᠬᠤ ᠦᠬᠡᠢ ᠰᠣᠷᠣᠭᠴᠢᠳ ᠢ ᠬᠢᠴᠢᠶᠡᠯ ᠤᠨ | ᠭᠠᠳᠠᠨᠠᠬᠢ ᠬᠦᠳᠡᠯᠭᠡᠭᠡᠨ ᠳᠤ ᠢᠳᠡᠪᠬᠢᠳᠠᠢ ᠣᠷᠣᠯᠴᠠᠭᠤᠯᠬᠤ ᠬᠡᠷᠡᠭᠳᠠᠢ᠃ ᠬᠢᠴᠢᠶᠡᠯ ᠤᠨ ᠭᠠᠳᠠᠨᠠᠬᠢ ᠬᠦᠳᠡᠯᠭᠡᠭᠡᠨ ᠪᠣᠯ | ᠰᠣᠷᠣᠭᠴᠢᠳ ᠤᠨ ᠠᠮᠢᠳᠣ ᠴᠣᠪᠣᠭᠤᠯᠢᠭ᠂ ᠡᠷᠡᠭᠦᠯ ᠮᠡᠨᠳᠣ ᠪᠠᠷ ᠰᠣᠷᠣᠯᠴᠠᠵᠦ ᠠᠮᠢᠳᠣᠷᠠᠬᠤ ᠳᠤ ᠲᠦᠢᠯ ᠤᠨ | ᠠᠰᠢᠭᠳᠠᠢ ᠪᠠᠶᠢᠳᠠᠭ᠃ ᠡᠶᠢᠮᠦ ᠠᠴᠠ ᠲᠡᠳᠡᠨ ᠤ ᠣᠨᠴᠠᠯᠢᠭ ᠲᠤ ᠲᠣᠬᠢᠷᠠᠭᠰᠠᠨ᠂ ᠰᠣᠷᠣᠭᠴᠢ ᠶᠢᠨ ᠪᠡᠶ᠎ᠡ | ᠰᠡᠳᠬᠢᠯ ᠳᠤ ᠠᠰᠢᠭᠳᠠᠢ ᠬᠦᠳᠡᠯᠭᠡᠭᠡᠨ ᠢ ᠦᠷᠭᠦᠯᠵᠢ ᠶᠢᠨ ᠴᠢᠨᠠᠷᠳᠠᠢ ᠦᠷᠨᠢᠭᠦᠯᠵᠦ᠂ ᠰᠣᠷᠣᠭᠴᠢ ᠶᠢᠨ ᠪᠦᠬᠦ | ᠲᠠᠯ᠎ᠠ ᠶᠢᠨ ᠭᠦᠭᠵᠢᠯᠳᠡ ᠳᠤ ᠰᠠᠭᠤᠷᠢ ᠲᠠᠯᠪᠢᠬᠤ ᠬᠡᠷᠡᠭᠳᠠᠢ᠃ ᠲᠣᠬᠠᠶᠢᠯᠠᠪᠠᠯ᠂ ᠣᠯᠣᠰ ᠢᠶᠠᠨ ᠬᠠᠶᠢᠷᠠᠯᠠᠬᠤ | ᠬᠦᠮᠦᠵᠢᠯ ᠤᠨ ᠬᠢᠴᠢᠶᠡᠯ ᠣᠷᠣᠬᠤ᠂ ᠬᠤᠯᠠ ᠭᠦᠶᠦᠬᠦ ᠣᠷᠣᠯᠳᠣᠭᠠᠨ᠂ ᠣᠷᠠᠨ ᠣᠩᠰᠢᠯᠭ᠎ᠠ ᠶᠢᠨ ᠣᠷᠣᠯᠳᠣᠭᠠᠨ᠂ | ᠲᠠᠭᠤᠣ ᠪᠦᠵᠢᠭ ᠤᠨ ᠮᠦᠷᠦ᠋ᠢᠴᠡᠭᠡᠨ ᠭᠡᠬᠦ ᠮᠡᠳᠦ ᠶᠢᠨ ᠪᠡᠶ᠎ᠡ ᠲᠠᠮᠢᠷ᠂ ᠣᠶᠣᠨ ᠣᠬᠠᠭᠠᠨ᠂ ᠣᠷᠠᠨ ᠰᠠᠶᠢᠬᠠᠨ ᠤ | ᠲᠣᠭᠯᠠᠭᠠᠮ ᠬᠢᠵᠦ᠂ ᠰᠣᠷᠣᠭᠴᠢᠳ ᠤᠨ ᠣᠶᠣᠨ ᠢ ᠨᠡᠭᠡᠭᠡᠭᠳᠡᠭᠦᠯᠵᠦ᠂ ᠡᠷᠡᠭᠦᠯ ᠴᠢᠬᠢᠷᠠᠭ᠂ ᠴᠣᠪᠣᠭᠤᠯᠢᠭ ᠰᠠᠶᠢᠬᠠᠨ | ᠵᠠᠩ ᠲᠠᠳᠬᠠᠯ ᠢ ᠬᠦᠮᠦᠵᠢᠬᠦᠯᠬᠦ ᠬᠡᠷᠡᠭᠳᠠᠢ᠃ | ᠶᠡᠷᠦᠩᠬᠡᠶᠢᠯᠡᠪᠡᠯ᠂ ᠠᠩᠬᠢ ᠡᠷᠬᠢᠯᠡᠭᠴᠢ ᠶᠢᠨ ᠠᠵᠢᠯ ᠢ ᠰᠠᠶᠢᠨ ᠬᠢᠶ᠎ᠡ ᠭᠡᠪᠡᠯ ᠶᠠᠭᠤᠨ ᠤ ᠣᠷᠢᠳ | ᠰᠣᠷᠣᠭᠴᠢᠳ ᠢᠶᠠᠨ ᠬᠠᠯᠠᠭᠤᠨ ᠢᠶᠠᠷ ᠬᠠᠶᠢᠷᠠᠯᠠᠵᠦ᠂ ᠦᠷᠭᠦᠯᠵᠢ ᠲᠡᠳᠡ ᠨᠠᠷ ᠲᠠᠢ ᠶᠠᠷᠢᠯᠴᠠᠨ᠂ ᠲᠡᠳᠠᠨᠠᠷ ᠤᠨ ᠬᠦᠰᠡᠯ | ᠪᠣᠳᠣᠯ ᠢ ᠣᠶᠢᠯᠠᠭᠠᠭᠰᠠᠨ ᠪᠠᠶᠢᠬᠤ ᠬᠡᠷᠡᠭᠳᠠᠢ᠃ ᠡᠭᠦᠨ ᠤ ᠰᠠᠭᠤᠷᠢᠨ ᠲᠡᠭᠡᠷ᠎ᠡ ᠪᠠᠭᠰᠢ ᠪᠡᠶ᠎ᠡ ᠪᠠᠷ ᠢᠶᠠᠨ ᠬᠡᠪ ᠲᠦᠷᠢᠮ | ᠦᠵᠡᠭᠦᠯᠵᠦ᠂ ᠰᠣᠷᠣᠭᠴᠢᠳ ᠢᠶᠠᠨ ᠲᠠᠭᠠᠭᠤᠯᠣᠨ ᠠᠮᠢᠳᠣᠷᠠᠵᠦ ᠰᠣᠷᠣᠯᠴᠠᠬᠤ ᠶᠢ ᠰᠣᠷᠭᠠᠵᠦ᠂ ᠲᠡᠳᠡᠨᠡᠷ ᠤᠨ | ᠦᠪᠡᠷᠮᠢᠴᠡ ᠴᠢᠨᠠᠷ ᠢ ᠢᠯᠡᠷᠡᠭᠦᠯᠵᠦ᠂ ᠲᠠᠪᠠᠭᠤᠯᠢᠭ ᠲᠠᠯ᠎ᠠ ᠶᠢ ᠪᠠᠳᠠᠷᠠᠭᠤᠯᠣᠨ᠂ ᠪᠡᠶ᠎ᠡ ᠮᠠᠬᠠᠪᠣᠳ᠂ ᠣᠶᠣᠨ ᠣᠬᠠᠭᠠᠨ | ᠂ ᠪᠡᠶ᠎ᠡ ᠲᠠᠮᠢᠷ᠂ ᠠᠵᠢᠯ ᠬᠦᠳᠡᠯᠮᠣᠷᠢ ᠵᠡᠷᠭᠡ ᠪᠦᠬᠦ ᠲᠠᠯ᠎ᠠ ᠪᠠᠷ ᠭᠦᠭᠵᠢᠭᠰᠡᠨ ᠰᠢᠨ᠎ᠡ ᠦᠶ᠎ᠡ ᠶᠢᠨ ᠴᠢᠳᠠᠪᠣᠷᠢᠳᠠᠨ ᠢ | ᠬᠦᠮᠦᠵᠢᠬᠦᠯᠬᠦ ᠪᠠᠷ ᠴᠢᠷᠮᠠᠶᠢᠪᠠᠯ ᠵᠣᠬᠢᠨ᠎ᠠ᠃ | | |